ᠨᠡᠪᠲᠡᠷᠡᠨ ᠤᠷᠤᠬᠤ
ᠪᠢ ᠦᠳᠡᠯᠤᠨ᠎ᠠ
(ᠰᠠᠨᠠᠭᠠᠨ ᠤ ᠠᠶ᠎ᠠ ᠪᠠᠷ ᠰᠡᠳᠭᠢᠭ᠍ᠳᠡᠭ᠍ᠰᠡᠨ ᠰᠢᠯᠦᠭ᠌)

ᠥᠯᠦᠭᠡᠢ ᠊᠊᠊᠊᠊᠊᠊᠊᠊᠊᠊᠊᠊᠊᠊ ᠪᠠᠶᠠ ᠨᠤᠳᠤᠭ ᠤᠨ ᠵᠢᠠᠨ

ᠥᠩᠭᠡᠳᠤ ᠭᠦᠷᠡᠩ ᠊᠊᠊᠊᠊᠊᠊᠊᠊᠊᠊᠊᠊᠊᠊

ᠭᠦᠷᠦᠰᠤ ᠶᠢ ᠳᠠᠷᠠᠯᠠᠵᠤ

ᠥᠷᠯᠦᠭ᠌ ᠊᠊᠊᠊᠊᠊᠊᠊᠊᠊᠊᠊᠊᠊᠊ ᠳᠠᠷᠬᠠᠨ ᠭᠡᠡᠯᠡ ᠤ ᠪᠠᠨ

ᠦᠪ ᠵᠤᠵᠠᠭᠠᠨ ᠊᠊᠊᠊᠊᠊᠊᠊᠊᠊᠊᠊᠊᠊᠊

ᠰᠢᠮ᠎ᠠ ᠶᠢ ᠭᠦᠭᠦᠵᠤ

ᠪᠢ ᠦᠳᠡᠯᠤᠨ᠎ᠠ

ᠡᠪᠦᠷᠯᠡᠵᠤ ᠊᠊᠊᠊᠊᠊᠊᠊᠊᠊᠊᠊᠊᠊᠊ ᠳᠤᠭᠯᠠᠭᠤᠯᠤᠭᠰᠠᠨ ᠠᠪᠣ ᠶᠢᠨ ᠵᠢᠠᠨ

ᠦᠨᠳᠦᠷ᠂ ᠳᠡᠯᠭᠡᠷ

ᠪᠣᠶᠠᠨ ᠢ ᠡᠳ᠋ᠯᠡᠵᠤ

ᠥᠰᠭᠡᠵᠤ ᠊᠊᠊᠊᠊᠊᠊᠊᠊᠊᠊᠊᠊᠊᠊ ᠳᠤᠷᠨᠢᠭᠤᠯᠤᠭᠰᠠᠨ ᠡᠵᠢ ᠶᠢᠨ ᠵᠢᠠᠨ

ᠥᠭ᠍‍ᠭᠢᠶᠡᠮᠦᠷ᠂ ᠢᠳᠡᠭᠡᠨ

ᠰᠤᠷᠭᠠᠯ ᠢ ᠰᠢᠮᠠᠵᠤ

ᠪᠢ ᠦᠳᠡᠯᠤᠨ᠎ᠠ

ᠥᠩᠭᠡᠷᠡᠵᠤ ᠊᠊᠊᠊᠊᠊᠊᠊᠊᠊᠊᠊᠊᠊᠊ ᠳᠡᠪᠢᠰᠦᠭ᠍ᠰᠡᠨ ᠵᠠᠮ ᠤᠨ ᠵᠢᠠᠨ

ᠥᠯᠦᠡᠭ᠌᠂ ᠳᠡᠪᠰᠡᠭ᠌ ᠊᠊᠊᠊᠊᠊᠊᠊᠊᠊᠊᠊᠊᠊᠊

ᠮᠦᠷ ᠢ ᠰᠢᠠᠵᠢᠵᠤ

ᠡᠯᠭᠦᠵᠤ ᠊᠊᠊᠊᠊᠊᠊᠊᠊᠊᠊᠊᠊᠊᠊ ᠶᠠᠪᠣᠬᠤ ᠬᠠᠷᠭᠤᠢ ᠶᠢᠨ ᠵᠢᠠᠨ

ᠥᠭᠡᠳᠡᠯᠡᠯ᠂ ᠳᠠᠪᠰᠢᠯ ᠊᠊᠊᠊᠊᠊᠊᠊᠊᠊᠊᠊᠊᠊᠊

ᠵᠥᠭ᠌ ᠢ ᠮᠦᠷᠳᠠᠵᠤ

ᠪᠢ ᠦᠳᠡᠯᠤᠨ᠎ᠠ

ᠥᠭᠦᠭᠡᠷᠳᠦᠵᠤ ᠊᠊᠊᠊᠊᠊᠊᠊᠊᠊᠊᠊᠊᠊᠊ ᠳᠡᠪᠳᠡᠷᠡᠭᠦᠯᠦᠭ᠍ᠰᠡᠨ ᠰᠤᠷᠤᠭᠴᠢᠳ ᠤᠨ ᠵᠢᠠᠨ

ᠥᠷᠦᠪᠴᠢᠭᠡᠨ ᠵᠢᠷᠭᠢᠯ ᠊᠊᠊᠊᠊᠊᠊᠊᠊᠊᠊᠊᠊᠊᠊

ᠢᠨᠢᠶᠠᠳᠤ ᠶᠢ ᠰᠢᠷᠳᠠᠵᠤ

ᠡᠷᠭᠦᠵᠤ ᠊᠊᠊᠊᠊᠊᠊᠊᠊᠊᠊᠊᠊᠊᠊ ᠪᠣᠰᠬᠠᠭᠰᠠᠨ ᠣᠢ᠌ᠯᠠᠰ ᠤᠨ ᠵᠢᠠᠨ

ᠦᠨᠢᠳᠠ ᠶᠢᠨ ᠠᠮᠢᠯᠠᠯ ᠊᠊᠊᠊᠊᠊᠊᠊᠊᠊᠊᠊᠊᠊᠊

ᠭᠦᠴᠤᠨ ᠢ ᠲᠦᠰᠢᠵᠤ

ᠪᠢ ᠦᠳᠡᠯᠤᠨ᠎ᠠ︕


1993.11.30 ᠊᠊᠊᠊᠊᠊᠊᠊᠊᠊᠊᠊᠊᠊᠊ 12.19 ᠳ᠋ᠤ ᠪᠢᠴᠢᠭ᠍ᠰᠡᠨ ᠨᠡᠢ᠌ᠳᠡᠯᠡᠭᠦᠯᠦᠭᠡ ᠦᠭᠡᠶ ᠰᠢᠯᠦᠭ᠌᠃

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2709
ᠴᠠᠭ᠄ 2009 ᠤᠨ ᠤ 05 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ