ᠨᠡᠪᠲᠡᠷᠡᠨ ᠤᠷᠤᠬᠤ
ᠬᠠᠭᠤᠷᠮᠠᠭ ᠢ ᠪᠣᠯᠠᠰᠢᠯᠠᠶ᠎ᠠ

ᠨᠢᠭᠡ


ᠴᠢ

ᠳᠤᠯᠢᠨ ᠳᠤᠳᠤᠷᠠᠭᠢ ᠳᠦᠷᠢ ᠶᠢ ᠳᠤᠭᠯᠠᠭ᠎ᠠ ᠪᠢᠵᠠ

ᠵᠠᠭᠠᠮᠠᠳᠠᠵᠤ ᠳᠦᠭᠦᠰᠢᠯᠡᠶ᠎ᠡ᠂ ᠪᠣᠯᠳᠠᠭ ᠪᠣᠯ ᠁

ᠴᠢ

ᠨᠢᠳᠤ ᠬᠠᠯᠬᠠᠯᠠᠭᠠᠤᠨ ᠮᠦᠩᠭᠦ ᠴᠥᠯᠪᠠᠭ᠍ᠰᠡᠨ

ᠢᠳᠡᠭᠡᠯ ᠪᠠ ᠬᠠᠷᠮᠠᠨ ᠢ ᠮᠢᠨᠢ ᠬᠤᠰᠤᠭᠰᠠᠨ

ᠵᠤᠯᠢᠭ ᠮᠦᠨ

ᠲᠦᠯᠤᠵᠤ ᠥᠭ᠌᠂ ᠮᠢᠨᠤ ᠭᠦᠯᠦᠰᠤ ᠴᠢᠰᠤ ᠵᠢ

ᠴᠢ

ᠠᠯᠪᠢᠨ ᠲᠡᠶ ᠣᠷᠤᠰᠢᠵᠤ ᠮᠥᠭᠦᠵᠤ ᠥᠭ᠍ᠳᠡᠭ᠌ ᠥᠭᠡᠢ

ᠶᠠᠭᠤ ᠪᠣᠢ︖

ᠴᠢᠨᠤ ᠲᠦᠯᠦᠭᠡ ᠵᠢᠦᠡᠭᠦᠭ᠍ᠴᠢ ᠶᠢ ᠴᠢᠷᠴᠤ ᠭᠠᠷᠭᠠᠶ᠎ᠠ

ᠴᠢ

ᠭᠢᠵᠢᠭ᠌ ᠭᠡᠮᠡᠷ ᠬᠤᠪᠢᠰᠴᠤ ᠯᠠ ᠣᠯᠠᠷᠢᠨ᠎ᠠ

ᠠᠷᠢᠯᠵᠤ ᠳᠤᠨᠢᠯ ᠭᠡᠮ

ᠴᠢ

ᠴᠠᠭᠠᠵᠠ ᠶᠢᠨ ᠭᠠᠵᠠᠷ ᠭᠦᠷᠳᠡᠪᠠᠯ

ᠠᠯᠠᠬᠤ ᠭᠠᠬᠠᠢ ᠰᠢᠭ

ᠴᠠᠭ ᠨᠢ ᠪᠣᠯᠵᠠᠢ ᠁


ᠬᠤᠶᠠᠷ


ᠪᠠᠴᠢᠨ ᠪᠠᠭᠰᠢ

ᠬᠠᠭᠤᠷᠮᠠᠭ ᠢ ᠬᠠᠮᠤᠭ ᠡᠴᠠ ᠬᠤᠷᠤᠰᠤᠨ᠎ᠠ ᠪᠠᠢ᠌ᠬ᠎ᠠ

ᠪᠢᠳᠠ ᠴᠤ ᠭᠡᠰᠡᠨ

ᠳᠤᠳᠠᠭᠤ ᠦᠭᠡᠶ ᠯᠠ ᠵᠠᠨᠤᠨ᠎ᠠ ᠰᠢᠤ

ᠪᠠᠭᠠᠳᠤᠷ ᠢᠳᠠᠳᠠᠨ ᠪᠣᠯᠪᠠᠴᠤ

ᠪᠠᠰᠢᠷ ᠲᠤ ᠪᠠᠴᠢᠯᠠᠭᠳᠠᠬᠤ ᠳᠤ ᠪᠠᠨ

ᠪᠠᠭᠠᠰᠤ ᠪᠠᠨ ᠬᠠᠳᠠᠳᠠᠯ᠎ᠠ ᠠᠭᠤᠷᠰᠠᠬᠤ ᠶᠠᠮᠠᠷ

ᠪᠢᠯᠢᠭ᠌ ᠭᠡᠭᠡᠳᠡᠨ ᠠᠪᠠᠴᠤ

ᠪᠢᠯᠳᠠᠤᠴᠢ ᠬᠤᠳᠠᠯ ᠳᠤ ᠮᠡᠭᠡᠯᠡᠭ᠍ᠳᠡᠭᠦ ᠳᠤ ᠪᠠᠨ

ᠪᠢᠷ᠎ᠠ ᠪᠠᠨ ᠪᠠᠷᠢᠭᠤᠯᠵᠤ ᠳᠦᠭᠡᠷᠢᠭᠦ ᠶᠠᠮᠠᠷ


ᠭᠤᠷᠪᠠ


ᠬᠤᠳᠠᠯ ᠬᠠᠭᠤᠷᠮᠠᠭ ᠰᠢᠬᠠᠭᠳᠠᠨ

ᠠᠮᠢᠳᠠᠨ ᠤ ᠰᠢᠪᠰᠢᠭ᠌

ᠦᠨᠡᠨ ᠵᠢᠩᠭᠢᠨᠢ ᠰᠢᠷᠭᠠᠭᠠᠭᠳᠠᠨ

ᠭᠦᠮᠤᠨ ᠤ ᠠᠵᠠ


ᠵᠤᠬᠢᠶᠠᠭᠴᠢ ᠶᠢᠨ ᠬᠠᠶ‍ᠢᠭ ᠄ ᠣᠯᠠᠭᠠᠢ ᠬᠠᠮᠢᠶᠠᠷᠤᠯᠳᠠ ᠶᠢᠨ ᠣᠷᠤᠨ

ᠵᠤᠬᠢᠶᠠᠭᠴᠢ᠄ ᠪᠦᠭᠡᠴᠢᠯᠡᠭᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2638
ᠴᠠᠭ᠄ 2010 ᠤᠨ ᠤ 03 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ