ᠨᠡᠪᠲᠡᠷᠡᠨ ᠤᠷᠤᠬᠤ
ᠳᠡᠮᠡᠭᠡᠨ ᠤ ᠨᠠᠷᠠᠢ᠌ᠳᠤᠯ

ᠨᠢᠭᠡ᠂ ᠲ᠋ᠡᠮᠡᠭᠡ ᠶᠢ ᠨᠠᠰᠤ ᠰᠢᠳᠤ ᠪᠠᠷ ᠨᠢ ᠢᠯᠭᠠᠨ ᠨᠡᠷᠡᠯᠡᠭᠦ

ᠲ᠋ᠡᠮᠡᠭᠡ ᠶᠢ ᠮᠦᠨ ᠰᠢᠳᠤ ᠪᠠᠷ ᠨᠢ ᠳᠤᠭᠳᠠᠭᠠᠵᠤ ᠢᠯᠭᠠᠨ ᠨᠠᠷᠠᠯᠠᠨ᠎ᠡ᠃ ᠰᠢᠳᠤ ᠳᠠᠳᠠᠬᠤ ᠳᠤ ᠪᠠᠨ ᠡᠭᠦᠳᠡᠨ ᠰᠢᠳᠤᠨ ᠤ ᠭᠢᠨᠢ ᠬᠠᠯᠪᠠᠭ᠎ᠠ ᠶᠢᠨ ᠳᠤᠭ᠎ᠠ ᠶᠢ ᠥᠡᠳᠦᠰᠦᠯᠡᠳᠡᠭ᠌᠃ ᠬᠤᠶᠠᠷ ᠬᠠᠯᠪᠠᠭ᠎ᠠ ᠲᠡᠶ ᠳᠡᠮᠡᠭᠡ ᠶᠢ ᠭᠤᠷᠪᠠᠳᠤ (ᠭᠤᠨ᠎ᠠ ᠡᠰᠡᠪᠠᠯ ᠰᠢᠳᠦᠯᠡᠩ) ᠭᠡᠵᠤ᠂ ᠳᠦᠷᠪᠠᠨ ᠬᠠᠯᠪᠠᠭ᠎ᠠ ᠭᠠᠷᠤᠭᠰᠠᠨ ᠪᠠᠢ᠌ᠪᠠᠯ ᠳᠦᠷᠪᠡᠳᠤ (ᠳᠦᠨ᠎ᠡ ᠪᠣᠶᠤ ᠭᠢᠵᠡᠯᠡᠩ) ᠭᠡᠵᠤ᠂ ᠵᠢᠷᠭᠤᠭᠠᠨ ᠬᠠᠯᠪᠠᠭ᠎ᠠ ᠭᠠᠷᠤᠭᠰᠠᠨ ᠪᠠᠢ᠌ᠪᠠᠯ ᠳᠠᠪᠣᠳᠤ (ᠰᠤᠶᠤᠯᠠᠩ ) ᠭᠡᠵᠤ ᠢᠯᠠᠭᠠᠨ᠎ᠠ᠃

ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠡᠮᠡᠭᠡᠨ ᠤ ᠳᠤᠰ ᠵᠢᠯ ᠤᠨ ᠳᠦᠯ ᠢ ᠭᠦᠢᠰᠤ ᠢᠯᠭᠠᠭᠰᠠᠨ ᠦᠭᠡᠶ ᠨᠡᠷᠡᠯᠡᠭ᠍ᠰᠡᠨ ᠨᠠᠷᠠᠢ᠌ᠳᠤᠯ᠃

ᠨᠢᠯᠬ᠎ᠠ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠦᠭᠡᠳ ᠣᠳᠠᠭᠠᠳᠤᠢ ᠪᠣᠳᠤᠭᠤ᠃

ᠣᠤᠠᠬᠤᠨ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠯ ᠤᠨ ᠬᠠᠮᠤᠭ ᠡᠴᠦᠰ ᠤᠨ ᠪᠣᠳᠤᠭᠤ᠃

ᠣᠤᠭᠠᠨ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠵᠢᠯ ᠤᠨ ᠬᠠᠮᠤᠭ ᠡᠭᠢᠨ ᠤ ᠪᠣᠳᠤᠭᠤ ᠪᠣᠶᠤ ᠢᠩᠭᠡ ᠶᠢᠨ ᠬᠠᠮᠤᠭ ᠠᠩᠬᠠᠨ ᠤ ᠪᠣᠳᠤᠭᠤ᠃

ᠲ᠋ᠡᠯᠴᠢᠷᠡᠭ᠍ᠰᠡᠨ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠰᠤᠭᠠᠤᠨ ᠶᠠᠪᠣᠵᠤ ᠴᠢᠳᠠᠬᠤ ᠪᠣᠯᠤᠭᠰᠠᠨ ᠪᠣᠳᠤᠭᠤ᠃

ᠲ᠋ᠠᠪᠵᠠ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶ᠎ᠠ ᠪᠠᠭ᠎ᠠ ᠦᠰᠦᠯᠳᠠ ᠮᠠᠭᠤ ᠪᠣᠳᠤᠭᠤ᠃

ᠭᠦᠪᠵᠢᠭ᠌ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠢ᠌ᠵᠢᠵᠤ ᠳᠤᠷᠨᠢᠭᠰᠠᠨ ᠪᠣᠳᠤᠭᠤ᠃

ᠭᠦᠷᠦᠪᠡ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠢ᠌ᠵᠢᠵᠤ ᠳᠤᠷᠨᠢᠭᠠᠤᠨ ᠪᠠᠢ᠌ᠭ᠎ᠠ ᠪᠣᠳᠤᠭᠤ᠃

ᠦᠨᠦᠴᠢᠨ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠡᠭᠡ ᠨᠢ ᠥᠭᠦᠭ᠍ᠰᠡᠨ ᠪᠣᠳᠤᠭᠤ᠃

ᠲ᠋ᠤᠷᠤᠮ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠳᠡᠮᠡᠭᠡ ᠶᠢ ᠭᠦᠢᠰᠤ ᠢᠯᠭᠠᠭᠰᠠᠨ ᠦᠭᠡᠶ ᠨᠡᠷᠡᠯᠡᠭ᠍ᠰᠡᠨ ᠨᠠᠷᠠᠢ᠌ᠳᠤᠯ᠃

ᠰᠠᠷᠪᠠᠭᠠᠨ ᠳᠤᠷᠤᠮ (ᠲ᠋ᠠᠭᠠᠨ ᠳᠤᠷᠤᠮ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤ ᠭᠦᠢᠴᠡᠭᠡᠳᠦᠢ ᠳᠤᠷᠤᠮ᠃

ᠰᠤᠷᠭᠠᠯ ᠤᠨ ᠳᠤᠷᠤᠮ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠣᠢ᠌ᠳᠤ ᠡᠪᠦᠯ ᠰᠤᠷᠭᠠᠬᠤ ᠪᠠᠷ ᠪᠡᠯᠡᠳᠭᠡᠵᠤ ᠪᠠᠢ᠌ᠭ᠎ᠠ ᠳᠤᠷᠤᠮ᠃

ᠬᠠᠳᠬᠤᠮᠠᠯ ᠳᠤᠷᠤᠮ (ᠪᠣᠢ᠌ᠯᠠᠳᠤ ᠳᠤᠷᠤᠮ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤ ᠥᠩᠭᠡᠷᠡᠵᠤ ᠭᠤᠷᠪᠠᠨ ᠨᠠᠰᠤ ᠭᠦᠷᠦᠭᠡᠳᠦᠢ ᠳᠤᠷᠤᠮ ᠪᠣᠶᠤ ᠪᠣᠢ᠌ᠯᠠ ᠬᠠᠳᠬᠤᠬᠤ ᠳᠤᠷᠤᠮ᠃

ᠰᠢᠯᠪᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠷᠤᠮ ᠤᠨ ᠨᠤᠳᠤᠭ ᠤᠨ ᠠᠶᠠᠯᠭᠤ ᠨᠠᠷᠠᠢ᠌ᠳᠤᠯ᠃

ᠰᠢᠷ᠎ᠠ ᠰᠢᠯᠪᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠷᠤᠮ ᠤᠨ ᠨᠤᠳᠤᠭ ᠤᠨ ᠠᠶᠠᠯᠭᠤ ᠨᠠᠷᠠᠢ᠌ᠳᠤᠯ᠃

ᠭᠤᠷᠪᠠᠳᠤ (ᠰᠢᠳᠤᠯᠠᠩ ᠳᠡᠮᠡᠭᠡ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠳᠡᠮᠡᠭᠡ ᠶᠢ ᠭᠦᠢᠰᠤ ᠢᠯᠭᠠᠭᠰᠠᠨ ᠦᠭᠡᠶ ᠨᠡᠷᠡᠯᠡᠭ᠍ᠰᠡᠨ ᠨᠠᠷᠠᠢ᠌ᠳᠤᠯ᠃

ᠲ᠋ᠠᠪᠣᠳᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠳᠡᠮᠡᠭᠡ ᠶᠢ ᠭᠦᠢᠰᠤ ᠢᠯᠭᠠᠭᠰᠠᠨ ᠦᠭᠡᠶ ᠨᠡᠷᠡᠯᠡᠭ᠍ᠰᠡᠨ ᠨᠠᠷᠠᠢ᠌ᠳᠤᠯ᠃

ᠪᠦᠳᠦᠭᠦᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠭᠦᠢᠴᠡᠭ᠍ᠰᠡᠨ ᠳᠡᠮᠡᠭᠡ᠃

ᠰᠢᠳᠤ ᠭᠦᠢᠴᠡᠭ᠍ᠰᠡᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠭᠦᠯᠢ ᠨᠢ᠋ᠮᠠᠨ ᠨᠠᠰᠤ ᠥᠩᠭᠡᠷᠡᠭ᠍ᠰᠡᠨ ᠳᠡᠮᠡᠭᠡ᠃

ᠬᠠᠩᠭ᠋ᠠᠯ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠰᠢᠳᠤ ᠭᠦᠢᠴᠡᠵᠤ ᠡᠳ᠋ᠯᠡᠵᠤ ᠣᠷᠤᠯᠳᠤᠵᠤ ᠥᠵᠡᠭᠡᠳᠦᠢ ᠳᠤᠭᠰᠢᠨ ᠳᠡᠮᠡᠭᠡ᠃

ᠡᠮᠨᠢᠭ᠌ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠷᠭᠠᠭᠠᠳᠤᠢ ᠳᠡᠮᠡᠭᠡ᠃

ᠭᠢᠵᠢᠶᠠᠯ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠠᠭᠢᠭᠰᠠᠨ ᠳᠡᠮᠡᠭᠡ᠃

ᠭᠦᠭ᠍ᠰᠢᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠥᠳᠡᠯᠦᠭ᠍ᠰᠡᠨ ᠳᠡᠮᠡᠭᠡ᠃

ᠵᠠᠯᠠᠭᠤ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠪᠠᠷ ᠵᠠᠯᠠᠭᠤᠬᠠᠨ ᠳᠡᠮᠡᠭᠡ᠃

ᠰᠢ᠌ᠤᠠᠪᠣᠷᠢ ᠶᠢᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠦᠭ᠍ᠰᠢᠷᠡᠭᠡᠳ ᠵᠠᠷᠤᠳᠠᠯ ᠡᠴᠠ ᠭᠠᠷᠴᠤ᠂ ᠠᠯᠠᠬᠤ ᠪᠣᠶᠤ ᠬᠤᠳᠠᠯᠳᠤᠬᠤ ᠪᠣᠯᠤᠭᠰᠠᠨ ᠳᠡᠮᠡᠭᠡ᠃


ᠬᠤᠶᠠᠷ᠂ ᠲ᠋ᠡᠮᠡᠭᠡ ᠶᠢ ᠭᠦᠢᠰᠤ ᠴᠢᠨᠠᠷ ᠶᠢᠡᠷ ᠨᠢ ᠢᠯᠭᠠᠨ ᠨᠡᠷᠡᠯᠡᠭᠦ

ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠨ ᠡᠴᠠ ᠳᠡᠭᠡᠭ᠍ᠰᠢᠭᠢ ᠵᠠᠰᠠᠭᠰᠠᠨ ᠦᠭᠡᠶ ᠡᠷ᠎ᠡ ᠭᠦᠢᠰᠤᠨ ᠤ ᠳᠡᠮᠡᠭᠡ᠃

ᠲ᠋ᠠᠢ᠌ᠯᠤᠭ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠢ᠌ᠯᠤᠭ ᠭᠡᠭ᠍ᠴᠢ ᠦᠷᠢᠶ᠎ᠠ ᠲᠡᠶ ᠠᠳᠠᠯᠢ ᠣᠤᠠᠬ᠎ᠠ ᠲᠡᠶ᠃ ᠭᠡᠵᠢᠶ᠎ᠡ ᠠᠭᠳᠠᠯᠠᠭᠳᠠᠪᠠᠯ ᠳᠠᠳᠤᠢ ᠳᠤ ᠳᠠᠢ᠌ᠯᠤᠭ ᠨᠠᠷ᠎ᠠ ᠪᠠᠨ ᠬᠠᠰᠤᠭᠤᠯᠳᠠᠭ᠃ ᠲ᠋ᠡᠮᠡᠭᠡ ᠶᠢ ᠳᠦᠷᠪᠡ᠂ ᠲ᠋ᠠᠪᠤᠨ ᠨᠠᠰᠤᠨ᠎ᠠ ᠠᠭᠳᠠᠯᠠᠳᠠᠭ ᠪᠣᠯᠬᠤᠷ ᠭᠤᠷᠪᠠ ᠡᠴᠠ ᠳᠠᠪᠤᠨ ᠨᠠᠰᠤᠨ ᠤ ᠬᠤᠭᠤᠷᠤᠠᠳᠤᠭᠢ ᠵᠠᠰᠠᠭ᠎ᠠ ᠦᠭᠡᠶ ᠳᠡᠮᠡᠭᠡ ᠭᠡᠵᠤ ᠪᠣᠯᠤᠨ᠎ᠠ᠃

ᠭᠤᠷᠪᠠᠳᠤ ᠶᠢᠨ ᠪᠣᠤᠷ᠎ᠠ (ᠰᠢᠳᠤᠯᠠᠩ ᠪᠣᠤᠷ᠎ᠠ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠪᠣᠤᠷ᠎ᠠ᠃

ᠲ᠋ᠠᠪᠣᠳᠤ ᠶᠢᠨ ᠪᠣᠤᠷ᠎ᠠ (ᠰᠤᠶᠤᠯᠠᠩ ᠪᠣᠤᠷ᠎ᠠ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠪᠣᠤᠷ᠎ᠠ᠃

ᠪᠦᠳᠦᠭᠦᠨ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠶ᠎ᠠ ᠪᠠᠯᠭᠡ ᠪᠣᠯᠪᠠᠰᠤᠷᠠᠵᠤ ᠭᠦᠢᠴᠡᠭ᠍ᠰᠡᠨ ᠪᠣᠤᠷ᠎ᠠ᠃

ᠭᠤᠨ᠎ᠠ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠨ ᠤ ᠪᠣᠤᠷ᠎ᠠ᠃

ᠠᠰᠠᠮᠠᠨ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠤᠷ᠎ᠠ ᠳᠠᠯᠪᠢᠭᠠᠤᠨ ᠪᠦᠳᠦᠭᠦᠷᠡᠭ᠍ᠰᠡᠨ ᠬᠣᠢ᠌ᠨ᠎ᠠ ᠠᠳᠠᠯᠠᠭᠰᠠᠨ ᠳᠡᠮᠡᠭᠡ᠃

ᠳᠦᠨ᠎ᠡ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠨ ᠤ ᠪᠣᠤᠷ᠎ᠠ᠃

ᠬᠠᠩᠭ᠋ᠠᠯ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠠᠷ ᠭᠦᠷᠦᠭᠡᠳᠦᠢ ᠠᠷᠳᠠᠭ ᠪᠣᠤᠷ᠎ᠠ᠃

ᠠᠷᠳᠠᠭ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠭᠰᠢᠨ ᠪᠣᠤᠷ᠎ᠠ᠃

ᠵᠠᠯᠠᠭᠤ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠵᠠᠯᠠᠭᠤ᠂ ᠦᠷ᠎ᠡ ᠳᠤ ᠭᠡᠷᠡᠭᠯᠡᠭᠡᠳᠦᠢ ᠪᠣᠶᠤ ᠰᠠᠶ‍ᠢᠬᠠᠨ ᠭᠡᠷᠡᠭᠯᠡᠵᠤ ᠪᠠᠢ᠌ᠬᠤ ᠪᠣᠤᠷ᠎ᠠ᠃

ᠭᠦᠭ᠍ᠰᠢᠨ ᠪᠣᠤᠷ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠠᠭᠢᠭᠰᠠᠨ ᠪᠣᠤᠷ᠎ᠠ᠃

ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠶᠠᠷᠤ ᠳᠤ ᠪᠠᠨ ᠳᠠᠪᠤᠨ ᠨᠠᠰᠤᠨ ᠡᠴᠠ ᠳᠡᠭᠡᠭ᠍ᠰᠢᠭᠢ ᠡᠮ᠎ᠡ ᠭᠦᠢᠰᠦᠳᠤ ᠳᠡᠮᠡᠭᠡ ᠶᠢ ᠵᠢᠭᠠᠨ᠎ᠠ᠃ ᠭᠡᠪᠠᠴᠤ ᠭᠤᠷᠪᠠᠨ ᠨᠠᠰᠤᠨ ᠡᠴᠠ ᠨᠢ ᠡᠭᠢᠯᠡᠵᠤ ᠭᠤᠠᠵᠢᠨ ᠢᠩᠭᠡ᠂ ᠳᠦᠡᠵᠢᠨ ᠢᠩᠭᠡ᠂ ᠰᠤᠶᠤᠯᠡᠩ ᠢᠩᠭᠡ᠂ ᠪᠦᠳᠦᠭᠦᠨ ᠢᠩᠭᠡ ᠭᠡᠵᠤ ᠢᠯᠭᠠᠨ᠎ᠠ᠃ ᠢᠩᠭᠡ ᠪᠣᠯ ᠳᠦᠷᠪᠡᠨ ᠨᠠᠰᠤᠨ ᠳᠡᠭᠡᠷ᠎ᠡ ᠪᠠᠨ ᠭᠡᠭᠡᠯ ᠠᠪᠴᠤ᠂ ᠲ᠋ᠠᠪᠤᠨ ᠨᠠᠰᠤᠨ ᠳᠤ ᠪᠠᠨ ᠪᠤᠳᠦᠭᠤᠯᠠᠳᠠᠭ᠃ ᠢᠩᠭᠡ ᠶᠡᠷᠦᠩᠭᠡᠢ ᠳᠤ ᠪᠠᠨ ᠵᠢᠯ ᠥᠡᠵᠢᠭᠡᠳ ᠪᠣᠳᠤᠭᠤᠯᠠᠳᠠᠭ ᠪᠦᠭᠡᠳ ᠵᠠᠷᠢᠮ ᠨᠢᠭᠡ ᠨᠢ ᠭᠤᠷᠪᠠᠨ ᠵᠢᠯ ᠳᠤ ᠬᠤᠶᠠᠷ ᠪᠤᠳᠤᠭᠤᠯᠠᠨ᠎ᠠ᠃ ᠢᠩᠭᠡ ᠳᠤ ᠪᠠᠰᠠ ᠰᠤᠪᠠᠢ᠂ ᠬᠤᠰᠠᠷᠠᠩ᠂ ᠭᠡᠭᠡᠯᠳᠤ᠂ ᠬᠡᠢ᠌ᠮᠡᠯ ᠢᠩᠭᠡ ᠭᠡᠭᠦ ᠮᠠᠳᠤ ᠪᠠᠷ ᠬᠤᠪᠢᠶᠠᠨ ᠨᠠᠷᠠᠯᠠᠨ᠎ᠡ᠃

ᠭᠤᠠᠵᠢᠨ ᠢᠩᠭᠡ (ᠭᠤᠡᠵᠢ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠮ᠎ᠡ ᠳᠡᠮᠡᠭᠡ᠃

ᠳᠦᠠᠵᠢᠨ ᠢᠩᠭᠡ (ᠳᠦᠡᠵᠢ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠮ᠎ᠡ ᠳᠡᠮᠡᠭᠡ᠃

ᠰᠤᠶᠤᠯᠠᠩ ᠢᠩᠭᠡ (ᠲ᠋ᠡᠪᠦᠳᠤ ᠶᠢᠨ ᠢᠩᠭᠡ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠡᠮ᠎ᠡ ᠳᠡᠮᠡᠭᠡ᠃

ᠰᠢᠳᠤᠯᠠᠩ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠢᠩᠭᠡ᠃

ᠭᠢᠵᠠᠯᠠᠩ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠢᠩᠭᠡ᠃

ᠭᠦᠭ᠍ᠰᠢᠨ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠰᠤ ᠠᠭᠢᠭᠰᠠᠨ ᠢᠩᠭᠡ᠃

ᠵᠠᠯᠠᠭᠤ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠦᠰᠪᠦᠷᠢ ᠨᠠᠰᠤᠨ ᠤ ᠢᠩᠭᠡ᠃

ᠰᠤᠪᠠᠢ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠭᠡᠯ ᠳᠤᠭᠳᠠᠭᠰᠠᠨ ᠦᠭᠡᠶ ᠢᠩᠭᠡ᠃

ᠭᠦᠭᠦᠭᠦᠯ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠥ᠋ ᠨᠢ ᠬᠤᠵᠢᠷᠠᠭᠠᠳᠤᠢ ᠭᠦᠭᠦᠭᠦᠯᠵᠤ ᠪᠣᠢ ᠢᠩᠭᠡ᠃

ᠬᠤᠰᠠᠷᠠᠩ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠤᠪᠠᠢ᠌ᠷᠠᠭᠰᠠᠨ ᠪᠣᠯᠪᠠᠴᠤ ᠳᠤᠷᠤᠮ ᠭᠦᠭᠦᠭᠦᠯᠵᠤ ᠪᠠᠢ᠌ᠭ᠎ᠠ ᠢᠩᠭᠡ᠃

ᠬᠠᠶᠠᠮᠠᠯ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠤᠷᠠᠨ ᠳᠤ ᠭᠠᠷᠤᠭᠰᠠᠨ ᠢᠩᠭᠡ᠃

ᠲ᠋ᠠᠩᠬᠤ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠩᠬ᠎ᠠ ᠡᠭᠢᠯᠡᠵᠤ ᠪᠣᠳᠤᠭᠤᠯᠠᠭᠰᠠᠨ ᠢᠩᠭᠡ᠃

ᠬᠠᠢ᠌ᠮᠠᠯ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠳᠤᠭᠤᠯᠠᠬᠤ ᠣᠢ᠌ᠷᠠᠳᠤᠭᠰᠠᠨ ᠢᠩᠭᠡ᠃

ᠬᠠᠢ᠌ᠳᠠᠭ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠳᠤᠭᠤ ᠨᠢ ᠥᠭᠦᠭ᠍ᠰᠡᠨ ᠪᠣᠯᠪᠠᠴᠤ ᠣᠷᠳᠤ ᠬᠤᠭᠤᠴᠠᠭ᠎ᠠ ᠪᠠᠷ ᠰᠠᠭᠠᠵᠤ ᠪᠣᠢ ᠢᠩᠭᠡ᠃

ᠡᠷᠡᠮᠡᠭ᠌ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠵᠢᠶᠡᠳᠡ ᠪᠣᠳᠤᠭᠤᠯᠠᠳᠠᠭ ᠦᠭᠡᠶ ᠢᠩᠭᠡ᠃

ᠰᠠᠭᠠᠷᠮᠠᠭ ᠢᠩᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠠᠯᠭᠡ ᠳᠤᠳᠤ ᠢᠯᠭᠠᠷᠠᠭᠰᠠᠨ ᠦᠭᠡᠶ ᠢᠩᠭᠡ᠃

ᠲ᠋ᠤᠷᠤᠮᠤᠨ ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠤᠷᠤᠮ ᠳᠤ ᠪᠠᠨ ᠪᠣᠤᠷᠠᠨ ᠳᠤ ᠰᠠᠭᠤᠵᠤ᠂ ᠭᠤᠠᠵᠢᠨ ᠳᠤ ᠪᠠᠨ ᠪᠣᠳᠤᠭᠤᠯᠤᠭᠰᠠᠨ ᠢᠩᠭᠡ᠃

ᠡᠷ᠎ᠡ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠨᠠᠰᠤᠳᠠᠢ ᠡᠷ᠎ᠡ ᠭᠦᠢᠰᠤᠨ ᠤ ᠳᠡᠮᠡᠭᠡ᠃

ᠦᠭᠢᠨ ᠪᠣᠳᠤᠭᠤ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡ ᠨᠠᠰᠤᠳᠠᠢ ᠡᠮ᠎ᠡ ᠭᠦᠢᠰᠤᠨ ᠤ ᠳᠡᠮᠡᠭᠡ᠃

ᠡᠷ᠎ᠡ ᠳᠤᠷᠤᠮ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠷ᠎ᠡ ᠭᠦᠢᠰᠤᠨ ᠤ ᠳᠡᠮᠡᠭᠡ᠃

ᠦᠭᠢᠨ ᠳᠤᠷᠤᠮ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠶᠠᠷ ᠨᠠᠰᠤᠳᠠᠢ ᠡᠮ᠎ᠡ ᠭᠦᠢᠰᠤᠨ ᠤ ᠳᠡᠮᠡᠭᠡ᠃

ᠭᠤᠷᠪᠠᠳᠤ ᠶᠢᠨ ᠳᠠᠢ᠌ᠯᠤᠭ (ᠭᠤᠨ᠎ᠠ ᠶᠢᠨ ᠳᠠᠢ᠌ᠯᠤᠭ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠷ᠎ᠡ ᠭᠦᠢᠰᠦᠳᠤ ᠳᠡᠮᠡᠭᠡ᠃

ᠭᠤᠨ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠷ᠎ᠡ ᠭᠦᠢᠰᠦᠳᠤ ᠳᠡᠮᠡᠭᠡ᠃

ᠭᠤᠠᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠤᠷᠪᠠᠨ ᠨᠠᠰᠤᠳᠠᠢ ᠡᠮ᠎ᠡ ᠭᠦᠢᠰᠦᠳᠤ ᠳᠡᠮᠡᠭᠡ᠃

ᠳᠦᠨ᠎ᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠷ᠎ᠡ ᠭᠦᠢᠰᠦᠳᠤ ᠳᠡᠮᠡᠭᠡ᠃

ᠳᠦᠨᠵᠢ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠮ᠎ᠡ ᠭᠦᠢᠰᠦᠳᠤ ᠳᠡᠮᠡᠭᠡ᠃

ᠰᠤᠷᠭ᠎ᠠ ᠶᠢᠨ ᠠᠬ᠎ᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠨ᠎ᠡ ᠶᠢ ᠵᠠᠷᠢᠮ ᠭᠠᠵᠠᠷ ᠪᠠᠰᠠ ᠰᠤᠷᠭ᠎ᠠ ᠶᠢᠨ ᠠᠬ᠎ᠠ ᠭᠡᠳᠡᠭ᠌᠃

ᠳᠦᠷᠪᠠᠳᠤ ᠶᠢᠨ ᠳᠠᠢ᠌ᠯᠤᠭ (ᠳᠦᠨ᠎ᠡ ᠶᠢᠨ ᠳᠠᠢ᠌ᠯᠤᠭ ) ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠦᠷᠪᠡᠨ ᠨᠠᠰᠤᠳᠠᠢ ᠡᠷ᠎ᠡ ᠭᠦᠢᠰᠦᠳᠤ ᠳᠡᠮᠡᠭᠡ᠃

ᠰᠤᠶᠤᠯᠠᠩ ᠳᠠᠢ᠌ᠯᠤᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠳᠠᠢ ᠡᠷ᠎ᠡ ᠭᠦᠢᠰᠦᠳᠤ ᠳᠡᠮᠡᠭᠡ᠃

ᠠᠳᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠳᠠᠪᠤᠨ ᠨᠠᠰᠤᠨ ᠡᠴᠠ ᠳᠡᠭᠡᠭ᠍ᠰᠢᠭᠢ ᠵᠠᠰᠠᠭᠰᠠᠨ ᠳᠡᠮᠡᠭᠡ᠂ ᠲ᠋ᠡᠪᠦ ᠡᠴᠠ ᠡᠮᠤᠨ᠎ᠡ ᠠᠳᠠᠯᠠᠭᠰᠠᠨ ᠢ ᠪᠠᠭᠠᠴᠤᠤᠯ ᠠᠳᠠ ᠭᠡᠨ᠎ᠡ᠃

ᠢ᠌ᠩ ᠤᠨ ᠠᠳᠠ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠴᠢᠶ᠎ᠠ ᠳᠡᠭᠡᠭᠡᠪᠦᠷᠢ ᠳᠤ ᠵᠤᠷᠢᠭᠤᠯᠤᠭᠰᠠᠨ ᠠᠳᠠ᠃ ᠪᠠᠰᠠ ᠯᠤᠤᠭᠠᠷ ᠤᠨ ᠳᠡᠮᠡᠭᠡ ᠴᠤ ᠭᠡᠳᠡᠭ᠌᠃

ᠵᠠᠰᠠᠮᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠶ‍ᠢᠬᠠᠨ ᠵᠠᠰᠠᠭᠰᠠᠨ ᠳᠡᠮᠡᠭᠡ᠃

ᠪᠢᠳᠡᠭᠦᠤ ᠰᠢᠳᠤᠳᠠᠢ ᠳᠠᠢ᠌ᠯᠤᠭ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠢᠳᠤ ᠨᠢ ᠭᠠᠷᠤᠭ᠎ᠠ ᠦᠭᠡᠶ ᠳᠠᠢ᠌ᠯᠤᠭ᠃

ᠰᠢᠳᠤ ᠭᠦᠢᠴᠡᠭ᠍ᠰᠡᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠭᠦᠯᠢ ᠨᠢ᠋ᠮᠠᠨ ᠨᠠᠰᠤᠨ ᠡᠴᠠ ᠳᠡᠭᠡᠭ᠍ᠰᠢᠭᠢ ᠳᠡᠮᠡᠭᠡ᠃

ᠦᠷ᠎ᠡ ᠶᠢᠨ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠣᠤᠷ᠎ᠠ᠃

ᠡᠭᠡ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠢᠩᠭᠡ᠃

ᠠᠰᠠᠮᠠᠯ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠪᠦᠳᠦᠭᠦᠷᠡᠭᠡᠳ ᠵᠠᠰᠠᠭᠰᠠᠨ ᠳᠡᠮᠡᠭᠡ᠃

ᠮᠠᠨᠢᠩ ᠳᠡᠮᠡᠭᠡ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠭᠠᠷᠮᠠᠭ ᠪᠣᠶᠤ ᠪᠠᠯᠭᠡ ᠶᠢᠨ ᠡᠷᠭᠡᠳᠡᠨ ᠪᠦᠷᠢᠨ ᠪᠣᠰᠤ ᠳᠡᠮᠡᠭᠡ᠃


ᠵᠤᠬᠢᠶᠠᠭᠴᠢ ᠶᠢᠨ ᠬᠠᠶ‍ᠢᠭ ᠄ ᠰᠢᠯᠢ ᠶᠢᠨ ᠬᠤᠳᠠ

ᠵᠤᠬᠢᠶᠠᠭᠴᠢ᠄ ᠦᠨᠢᠷᠰᠠᠢ᠌ᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 7461
ᠴᠠᠭ᠄ 2010 ᠤᠨ ᠤ 01 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ