ᠨᠡᠪᠲᠡᠷᠡᠨ ᠤᠷᠤᠬᠤ
ᠣᠪᠣᠭ᠎ᠠ

ᠭᠢᠴᠢᠶᠠᠯ ᠪᠠᠭᠤᠯ᠎ᠠ᠃

ᠦᠯᠤᠨ ᠭᠡᠳᠡᠰᠤ ᠪᠠᠨ ᠶᠠᠭᠤ ᠪᠠᠷ ᠳᠦᠭᠦᠷᠭᠡᠳᠡᠭ᠌ ᠪᠢᠯᠠ︖ ᠭᠡᠭᠦ ᠦᠯᠤᠨ ᠪᠣᠳᠤᠯ ᠳᠤ ᠳᠠᠷᠤᠭᠳᠠᠭᠰᠠᠨ ᠪᠢ ᠬᠠᠩᠭ᠋ᠠᠢ ᠬᠤᠭᠤᠰᠤᠨ ᠪᠠᠢ᠌ᠷᠢᠨ ᠭᠡᠷ ᠶᠢᠡᠨ ᠴᠢᠭ᠍ᠯᠡᠪᠡ᠃ ᠦᠨᠦᠳᠤᠷ ᠭᠠᠷᠠᠭ ᠤᠨ ᠵᠢᠷᠭᠤᠭᠠᠨ ᠪᠣᠯᠬᠤᠷ ᠦᠳᠡ ᠶᠢᠨ ᠬᠣᠢ᠌ᠨ᠎ᠠ ᠭᠢᠴᠢᠶᠠᠯ ᠭᠢᠳᠡᠭ᠌ ᠦᠭᠡᠶ᠃ ᠡᠵᠡᠭᠦᠢ ᠪᠠᠢ᠌ᠷᠢᠨ ᠳᠤ ᠪᠠᠶ᠎ᠠ ᠪᠠᠨ ᠬᠤᠷᠢᠴᠢᠬᠠᠭᠠᠤᠨ ᠣᠴᠠᠭᠠᠷ ᠲᠡᠶ ᠮᠥᠯᠭᠦᠭᠦ ᠴᠠᠭ ᠮᠦᠴᠡ ᠶᠢ ᠣᠢ᠌ᠤᠠᠬᠠᠷ ᠲᠡᠶ ᠪᠠᠷ ᠡᠯᠡᠭᠡᠭᠦ ᠯᠠ ᠭᠡᠷᠡᠭ᠌ ᠪᠣᠯᠵᠠᠢ᠃ ᠭᠠᠳᠠᠭᠠᠳᠤ ᠶ‍ᠢᠷᠳᠢᠠᠴᠤ ᠡᠴᠡ ᠭᠠᠭᠴᠠᠮᠤᠰᠤᠨ ᠳᠤᠰᠭᠠᠷᠯᠠᠭᠳᠠᠭᠰᠠᠨ ᠭᠡᠮᠡᠷ ᠢᠯᠤᠮ ᠵᠢᠯᠤᠮ ᠡᠨᠡ ᠭᠠᠵᠠᠷ ᠠᠵᠢᠯᠯᠠᠭᠠᠤᠨ ᠵᠢᠯ ᠤᠨ ᠨᠢᠭᠤᠷ ᠥᠵᠡᠭᠡ ᠴᠤ ᠣᠢ ᠣᠬᠠᠭᠠᠨ ᠳᠤ ᠮᠡᠳᠡᠷᠡᠭ᠍ᠳᠡᠭ᠍ᠰᠡᠨ ᠨᠢ ᠦᠨᠦᠴᠢᠷᠠᠯ ᠤᠨ ᠪᠣᠷᠤ ᠮᠠᠨᠠᠨ ᠠᠮᠢᠰᠬᠤᠭ᠎ᠠ ᠠᠪᠬᠤ ᠵᠠᠢ ᠦᠭᠡᠶ ᠳᠠᠷᠤᠨ᠎ᠠ᠃ ᠶᠠᠪᠣᠬᠤ ᠭᠠᠵᠠᠷ᠂ ᠨᠠᠷᠭᠢᠬᠤ ᠨᠥᠭᠦᠤᠨ ᠶᠢᠡᠷ ᠭᠠᠴᠢᠭᠳᠠᠵᠤ ᠢᠷᠡᠭᠦ ᠳᠤ ᠠᠮᠢᠳᠤᠷᠠᠯ ᠰᠢᠭ ᠠᠮᠳᠠ ᠦᠭᠡᠶ ᠶᠠᠭᠤᠮ᠎ᠠ ᠦᠭᠡᠶ ᠰᠢᠭ᠌ ᠰᠠᠨᠠᠭᠳᠠᠵᠠᠢ᠃ ᠪᠠᠢ᠌ᠷᠢᠨ ᠭᠡᠷ ᠲᠡᠭᠡᠨ ᠣᠷᠤᠬᠤ ᠳᠤ ᠭᠠᠯ ᠨᠢ ᠣᠠᠳᠠᠷᠠᠭᠰᠠᠨ ᠭᠦᠢᠳᠡᠨ ᠵᠤᠤᠬ᠎ᠠ ᠴᠤᠭ ᠵᠠᠯᠢ ᠦᠭᠡᠶ ᠬᠠᠷᠠᠯᠠᠨ ᠱᠤᠪᠣᠢ᠌ᠵᠤ᠂ ᠵᠢᠭᠡᠭᠦᠨ ᠠᠮᠢᠰᠬᠤᠯ ᠳᠤ ᠳᠤᠭᠳᠠᠪᠣᠷᠢ ᠠᠯᠳᠠᠨ ᠳᠠᠭᠵᠢᠶᠠᠰᠤ ᠭᠦᠷᠪᠡ᠃ ᠭᠡᠪᠠᠴᠤ ᠪᠠᠰᠠ ᠨᠢᠭᠡ ᠪᠣᠳᠤᠪᠠᠯ ᠭᠤᠩ ᠪᠠᠶ᠎ᠠ ᠭᠤᠵᠤᠩ ᠳᠤᠯᠤᠭᠠᠢ ᠳᠡᠨᠦᠭᠡ ᠭᠠᠭᠴᠠ ᠪᠠᠶ᠎ᠠ ᠡᠷ᠎ᠡ ᠶᠢᠨ ᠠᠮᠢᠳᠤᠷᠠᠯ ᠡᠭᠦᠨ ᠡᠴᠡ ᠳᠡᠭᠡᠷᠡᠳᠡᠭᠡᠳ ᠬᠠᠮᠢᠭ᠎ᠠ ᠭᠦᠷᠭᠦ ᠪᠢᠯᠠ ⁈ ᠰᠢᠷᠡᠭᠡᠨ ᠳᠡᠭᠡᠷᠡᠭᠢ ᠴᠤᠮᠤᠨ ᠳᠤ ᠬᠠᠯᠠᠭᠤᠨ ᠰᠠᠪᠠ ᠡᠴᠡ ᠴᠠᠢ ᠭᠢᠵᠤ ᠠᠪᠣᠭᠠᠤᠨ ᠭᠠᠳᠤᠷ᠎ᠠ ᠶᠢᠨ ᠢᠷᠤᠭᠠᠷ ᠲᠤ ᠪᠠᠢ᠌ᠭ᠎ᠠ ᠬᠠᠳᠠᠭᠠᠤᠨ ᠠᠯᠢ ᠭᠡᠳᠥᠢᠨᠡᠢ ᠳᠠᠮᠤᠷ ᠪᠣᠯᠤᠭᠰᠠᠨ ᠬᠠᠭᠠᠰ ᠳᠤᠭᠤᠢ ᠪᠣᠭᠤᠷᠰᠤᠭ ᠶᠢᠡᠨ ᠪᠠᠯᠪᠠᠯᠠᠬᠤ ᠭᠡᠵᠤ ᠭᠡᠰᠡᠭ᠌ ᠨᠤᠴᠤᠯᠳᠤᠯ᠎ᠠ᠃ ᠳᠦᠷᠦᠭᠦᠨ ᠭᠠᠷᠠᠭ ᠲᠤ ᠰᠤᠮ᠎ᠠ ᠡᠭᠡᠴᠢ ᠶᠢ ᠭᠤᠶᠤᠨ ᠬᠠᠭᠠᠷᠢᠭᠤᠯᠵᠤ ᠠᠪᠣᠭᠰᠠᠨ ᠭᠡᠳᠤᠨ ᠬᠠᠭᠠᠷᠢᠭᠤᠯ ᠤᠨ ᠦᠯᠡᠳᠡᠭ᠌ ᠡᠨᠡ ᠶᠤᠮ᠃ ᠪᠠᠷᠤᠭ ᠳᠡᠪᠰᠡᠭᠦ ᠶᠢᠨ ᠨᠠᠭᠠᠭᠤᠷ ᠣᠷᠤᠯᠳᠤᠵᠤ ᠪᠠᠢ᠌ᠭᠠᠤᠨ ᠨᠢᠳᠤᠷᠭ᠎ᠠ ᠶᠢᠨ ᠴᠢᠨᠡᠭᠡᠨ ᠪᠠᠯᠪᠠᠷᠬᠠᠢ ᠡᠮᠳᠡᠯᠡᠨ ᠠᠪᠴᠤ ᠴᠠᠢ ᠳᠠᠭᠠᠨ ᠳᠡᠪᠳᠦᠭᠡᠨ ᠢᠳᠠᠪᠠ᠃ ᠶᠠᠷᠤᠨᠢ ᠡᠯᠡᠰᠦᠳᠡᠢ ᠭᠡᠮᠡᠭᠦ ᠡᠵᠡᠨ ᠵᠢᠯᠤᠭᠤ ᠳᠠᠰᠤᠷᠠᠭᠰᠠᠨ ᠡᠨᠡ ᠡᠵᠡᠭᠦᠢ ᠨᠤᠳᠤᠭ ᠲᠤ ᠡᠢ᠌ᠮᠤ ᠨᠢᠭᠡᠨ ᠬᠤᠷᠢᠭᠠᠤᠨ ᠰᠤᠷᠤᠭᠴᠢ ᠲᠡᠶ ᠪᠣᠳᠠᠷᠠᠭᠰᠠᠨ ᠰᠤᠷᠭᠠᠭᠤᠯᠢ ᠪᠠᠢ᠌ᠭ᠎ᠠ ᠦᠭᠡᠶ ᠪᠣᠯ ᠪᠢ ᠡ᠊ᠨᠳᠡ ᠶᠠᠭᠤ ᠭᠡᠵᠤ ᠳᠤᠯᠤᠭᠠᠨ ᠳᠠᠮᠤ ᠪᠠᠨ ᠡᠳ᠋ᠯᠡᠨ ᠣᠢ᠌ᠯᠠ ᠪᠠᠨ ᠥᠵᠡᠭᠦ ᠪᠢᠯᠠ ⁈ ᠵᠢᠭᠡᠯᠡᠪᠦᠷᠢ ᠶᠢᠨ ᠪᠠᠭᠰᠢ ᠰᠤᠮ᠎ᠠ ᠡᠭᠡᠴᠢ ᠶᠢ ᠪᠠᠭᠳᠠᠭᠠᠪᠠᠯ ᠡ᠊ᠨᠳᠡ ᠭᠤᠷᠪᠠᠨ ᠪᠠᠭᠰᠢ᠂ ᠨᠢᠭᠡ ᠳᠤᠭᠤᠭᠠᠴᠢ ᠲᠡᠶ ᠪᠠᠨ ᠳᠦᠷᠪᠠᠭᠦᠯᠡ ᠪᠠᠢ᠌ᠳᠠᠭ᠃ ᠰᠤᠮ᠎ᠠ ᠡᠭᠡᠴᠢ ᠶᠢᠨ ᠡᠷᠡᠭ᠍ᠳᠡᠢ ᠡᠨᠡ ᠰᠤᠷᠭᠠᠭᠤᠯᠢ ᠶᠢᠨ ᠵᠠᠭᠢᠷᠤᠯ ᠤᠨ ᠣᠬᠠᠭᠠᠨ ᠲᠡᠶ᠃ ᠬᠡᠳᠦᠢ᠌ᠪᠡᠷ ᠰᠤᠷᠤᠭᠴᠢ ᠴᠥᠭᠡᠭᠡᠨ᠂ ᠰᠤᠷᠭᠠᠭᠤᠯᠢ ᠨᠢ ᠵᠢᠵᠢᠭ᠍‍ᠬᠡᠨ ᠴᠤ ᠠᠵᠢᠯ ᠭᠡᠭ᠍ᠴᠢ ᠮᠦᠨ ᠦᠰᠦᠨ ᠡᠴᠡ ᠣᠯᠠᠨ ᠭᠤᠭᠤᠵᠢᠭᠠᠤᠨ ᠪᠠᠢ᠌ᠬᠤ ᠶᠤᠮ᠃ ᠳᠠᠪᠣ ᠭᠤᠷᠪᠠᠨ ᠰᠤᠷᠤᠭᠴᠢ ᠲᠡᠶ ᠴᠤ ᠳᠠᠪᠤᠨ ᠠᠩᠭᠢ ᠶᠢᠨ ᠭᠢᠴᠢᠶᠠᠯ ᠢ ᠪᠢᠳᠠ ᠭᠤᠷᠪᠠᠭᠤᠯᠠ ᠣᠷᠤᠬᠤ ᠪᠠᠷ ᠵᠤᠭᠰᠤᠬᠤ ᠦᠭᠡᠶ ᠪᠠᠰᠠ ᠠᠮᠢᠳᠤᠷᠠᠯ ᠡᠨᠡ ᠳᠠᠷᠠ ᠶᠢ ᠨᠢ ᠳᠤᠭᠢᠷᠠᠭᠤᠯᠵᠤ᠂ ᠬᠠᠯᠠᠭᠤᠨ ᠭᠦᠢᠳᠡᠨ ᠳᠤ ᠨᠢ ᠰᠠᠨᠠᠭ᠎ᠠ ᠪᠣᠯᠬᠤ ᠭᠡᠷᠡᠭ᠍ᠳᠡᠢ᠃ ᠠᠷᠭ᠎ᠠ ᠱᠠᠯᠠᠪ᠂ ᠠᠷᠤ ᠡᠭᠦᠳᠡ ᠲᠡᠶ ᠪᠣᠯᠤᠭᠰᠠᠨ ᠪᠣᠯ ᠡ᠊ᠨᠳᠡ ᠶᠠᠭᠤ ᠭᠡᠵᠤ ᠥᠡᠳᠡᠭᠡ ᠪᠠᠨ ᠳᠠᠷᠤᠭᠰᠠᠨ ᠰᠢᠪᠠᠭᠤ ᠰᠢᠭ ᠭᠡᠪᠳᠡᠭᠡᠳ ᠪᠠᠢ᠌ᠬᠤ ᠪᠣᠢ︖ ᠬᠤᠷᠳᠤᠬᠠᠨ ᠨᠢᠭᠡ ᠳᠠᠰᠢ ᠨᠢ ᠶᠠᠪᠣᠭᠠᠤᠨ ᠥᠭ᠍ᠴᠢᠭᠦ ᠦᠭᠡᠶ ᠦᠦ ᠳ᠋ᠠ᠃ ᠭᠡᠳᠡᠯ᠎ᠡ ᠨᠠᠳᠠ ᠨᠢ ᠡᠢ᠌ᠮᠤ ᠴᠢᠳᠠᠪᠣᠷᠢ᠂ ᠳᠠᠢ᠌ᠮᠤ ᠣᠩᠭ᠋ᠣᠢ᠌ᠭᠰᠠᠨ ᠡᠭᠦᠳᠡ ᠦᠭᠡᠶ ᠬᠣᠢ᠌ᠨ᠎ᠠ ᠭᠡᠨ ᠳᠡᠭᠡᠨ ᠭᠤᠮᠤᠳᠠᠬᠤ ᠶᠤᠮ᠃ ᠠᠵᠢᠯ ᠠᠯᠪᠠ ᠭᠡᠳ ᠶᠠᠭᠠᠷᠠᠵᠤ ᠪᠠᠢ᠌ᠬᠤ ᠳᠤ ᠴᠠᠭ ᠮᠦᠴᠡ ᠶᠢᠨ ᠥᠩᠭᠡᠷᠡᠭᠦ ᠨᠢ ᠪᠠᠰᠠ ᠭᠠᠢ᠌ᠭᠤᠢ᠂ ᠬᠠᠷᠢᠨ ᠬᠤᠭᠤᠰᠤᠨ ᠪᠠᠢ᠌ᠷᠢᠨ ᠳᠤ ᠭᠢᠳᠠᠯ ᠠᠯᠳᠠᠨ ᠵᠥᠭᠡᠷ ᠭᠡᠪᠳᠡᠵᠤ ᠣᠢ ᠣᠬᠠᠭᠠᠨ ᠤ ᠬᠤᠭᠤᠰᠤᠷᠠᠯ᠂ ᠪᠠᠶ᠎ᠠ ᠰᠡᠳᠭᠢᠯ ᠤᠨ ᠭᠠᠭᠴᠠᠭᠠᠷᠳᠠᠯ ᠳᠤ ᠭᠦᠯᠢᠭ᠍ᠳᠡᠭᠦ ᠭᠡᠭ᠍ᠴᠢ ᠥᠨᠡᠭᠡᠷ ᠭᠡᠴᠡᠭᠦᠤ ᠪᠠᠢ᠌ᠯ᠎ᠠ᠃

ᠪᠢ ᠶᠠᠭᠤ ᠶᠠᠭᠠᠭᠢᠳᠠᠭ ᠶᠢᠡᠨ ᠮᠡᠳᠡᠭᠦ ᠦᠭᠡᠶ ᠭᠡᠰᠡᠭ᠌ ᠮᠠᠯᠠᠷᠠᠨ ᠵᠤᠭᠰᠤᠭᠰᠠᠨ ᠶᠢᠡᠨ ᠦᠷᠯᠦᠭᠡ ᠰᠤᠭᠤᠷᠠᠨ ᠪᠣᠰᠤᠭᠰᠠᠨ ᠭᠦᠡᠵᠢᠯᠡ ᠣᠷᠤᠭᠤ ᠪᠠᠨ ᠳᠠᠭᠢᠨ ᠰᠢᠷᠭᠤᠨ ᠣᠷᠤᠪᠠ᠃ ᠪᠣᠯᠳᠠᠭ ᠰᠠᠨ ᠪᠣᠯ ᠨᠠᠳᠠ ᠶᠠᠷᠤ ᠨᠢ ᠶᠠᠭᠤ ᠴᠤ ᠭᠢᠭᠦ ᠦᠭᠡᠶ᠂ ᠶᠠᠭᠤ ᠴᠤ ᠪᠣᠳᠤᠬᠤ ᠦᠭᠡᠶ ᠵᠥᠭᠡᠷ ᠭᠡᠪᠳᠡᠭᠡᠳ ᠪᠠᠢ᠌ᠮᠠᠷ ᠰᠠᠨᠠᠭᠳᠠᠨ᠎ᠠ᠃ ᠭᠡᠷᠪᠡ ᠭᠠᠳᠠᠨ᠎ᠠ ᠬᠠᠶᠠ ᠨᠢᠭᠡ ᠰᠤᠷᠤᠭᠴᠢᠳ ᠤᠨ ᠢᠨᠢᠶᠠᠯᠳᠤᠨ ᠱᠤᠤᠭᠢᠬᠤ ᠴᠢᠮᠡᠭᠡ ᠭᠠᠷᠬᠤ ᠦᠭᠡᠶ ᠶᠤᠮ ᠪᠣᠯ ᠪᠢ ᠪᠠᠶ᠎ᠠ ᠪᠠᠨ ᠶᠠᠭ ᠭᠠᠭᠴᠠ ᠭᠦᠮᠤᠨ ᠤ ᠨᠠᠮ ᠰᠡᠯᠡᠭᠦᠨ ᠶ‍ᠢᠷᠳᠢᠠᠴᠤ ᠳᠤ ᠳᠡᠨᠦᠭᠡᠳ ᠢᠷᠡᠴᠢᠭᠡᠭ᠍ᠰᠡᠨ ᠭᠡᠮᠡᠨ ᠰᠡᠵᠢᠭᠯᠡᠭᠦ ᠳᠤ ᠦᠴᠦᠭᠡᠨ ᠴᠤ ᠪᠣᠷᠤᠭᠤ ᠦᠭᠡᠶ ᠪᠠᠢ᠌ᠯ᠎ᠠ᠃ ᠡᠨᠡ ᠭᠦᠷᠢᠶᠡᠨ ᠳᠤᠳᠤᠷ᠎ᠠ ᠰᠤᠷᠭᠠᠭᠤᠯᠢ ᠶᠢᠨ ᠳᠤᠭᠤᠭ᠎ᠠ ᠪᠠᠷᠢᠳᠠᠭ ᠲᠦᠯᠠᠢ ᠡᠪᠦᠭᠡᠨ ᠢ ᠭᠠᠷᠭᠠᠪᠠᠯ ᠮᠢᠨᠤ ᠦᠷᠭᠦᠯᠵᠢ ᠶᠠᠪᠣᠯᠴᠠᠳᠠᠭ ᠨᠢ ᠭᠠᠭᠴᠠ ᠰᠤᠮ᠎ᠠ ᠡᠭᠡᠴᠢ ᠶᠢᠨ ᠭᠢᠨ ᠪᠢᠯᠠ᠃ ᠰᠤᠮ᠎ᠠ ᠡᠭᠡᠴᠢ ᠶᠢᠨ ᠡᠷᠡᠭ᠍ᠳᠡᠢ ᠭᠡᠵᠤ ᠭᠡᠯᠡ ᠪᠠᠨ ᠰᠤᠭᠤᠯᠤᠭᠰᠠᠨ ᠶᠤᠮ ᠰᠢᠭ ᠪᠠᠷᠤᠭᠳᠠᠢ ᠳᠤ ᠳᠠᠭᠤ ᠭᠠᠷᠳᠠᠭ ᠦᠭᠡᠶ ᠰᠤᠨᠢᠨ ᠭᠦᠮᠤᠨ᠃ ᠳᠡᠭᠡᠭᠡᠳ ᠳᠠᠳᠠᠨ ᠤ ᠪᠦᠭᠦ ᠭᠡᠷ ᠤᠨ ᠠᠵᠢᠯ ᠣᠢ᠌ᠯᠠ᠂ ᠴᠢᠨᠠᠭᠰᠢᠯᠠᠪᠠᠯ ᠡᠨᠡ ᠰᠤᠷᠭᠠᠭᠤᠯᠢ ᠶᠢᠨ ᠠᠯᠢᠪᠠ ᠪᠦᠭᠦᠨ ᠭᠠᠭᠴᠠᠬᠠᠨ ᠰᠤᠮ᠎ᠠ ᠡᠭᠡᠴᠢ ᠶᠢᠨ ᠠᠮᠠ ᠪᠠᠷ ᠶᠠᠪᠣᠭᠳᠠᠵᠤ ᠪᠠᠢ᠌ᠳᠠᠭ ᠭᠡᠪᠠᠯ ᠠᠷᠠᠢ ᠬᠤᠳᠠᠯ ᠪᠣᠯᠬᠤ ᠪᠣᠢ᠃ ᠨᠠᠮ᠎ᠠ ᠶᠢ ᠠᠩᠬ᠎ᠠ ᠡ᠊ᠨᠳᠡ ᠢᠷᠡᠭᠦ ᠳᠤ ᠰᠤᠮ᠎ᠠ ᠡᠭᠡᠴᠢ 《ᠭᠠᠭᠴᠠ ᠭᠦᠮᠤᠨ ᠬᠤᠭᠤᠯᠠ ᠭᠢᠨ᠎ᠠ ᠭᠡᠵᠤ ᠶᠠᠭᠠᠭᠢᠳᠠᠭ ᠶᠤᠮ︖ ᠵᠥᠭᠡᠷ ᠮᠠᠨ ᠤ ᠳᠤ ᠢᠳᠠᠵᠤ ᠪᠠᠢ》 ᠭᠡᠮᠡᠨ ᠵᠠᠭᠢᠭᠰᠠᠨ ᠪᠣᠯᠪᠠᠴᠤ ᠳᠠᠳᠠᠨ ᠤ ᠳᠤ ᠠᠴᠢ ᠵᠢᠭᠡ ᠨᠡᠷ ᠨᠢ ᠭᠡᠳ ᠭᠡᠳᠤ ᠭᠡᠳᠤᠨ ᠭᠡᠳᠡᠰᠤᠨ ᠬᠤᠷᠠᠵᠤ ᠪᠠᠢ᠌ᠬᠤ ᠳᠡᠭᠡᠷ᠎ᠡ ᠨᠠᠰᠤ ᠪᠠᠶ᠎ᠠ ᠭᠦᠢᠴᠡᠭ᠍ᠰᠡᠨ ᠪᠦᠳᠦᠭᠦᠨ ᠡᠷ᠎ᠡ ᠭᠡᠵᠤ ᠪᠠᠢ᠌ᠭᠠᠤᠨ ᠳᠠᠩᠳᠠ ᠪᠠᠨ ᠠᠢ᠌ᠯ ᠤᠨ ᠬᠠᠢ᠌ᠰᠤ ᠰᠢᠨᠠᠭ᠎ᠠ ᠠᠳᠤᠭᠤᠯᠬᠤ ᠨᠢ ᠡᠪ ᠦᠭᠡᠶ ᠰᠠᠨᠠᠭᠳᠠᠵᠤ᠂ ᠠᠰ ᠲᠠᠭᠠᠨ ᠬᠤᠭᠤᠯᠠ ᠴᠠᠢ ᠪᠠᠨ ᠭᠢᠳᠡᠭ᠌ ᠪᠣᠯᠤᠭᠰᠠᠨ ᠶᠤᠮ᠃ ᠭᠡᠪᠠᠴᠤ ᠰᠤᠮ᠎ᠠ ᠡᠭᠡᠴᠢ ᠭᠡᠷ ᠲᠡᠭᠡᠨ ᠠᠮᠳᠠᠳᠠᠢ ᠨᠠᠷᠢᠨ ᠬᠤᠭᠤᠯᠠ ᠭᠢᠭᠦ ᠪᠣᠶᠤ ᠮᠢᠬ᠎ᠠ ᠱᠦᠯᠦ ᠭᠠᠷᠭᠠᠪᠠᠯ ᠨᠠᠮ᠎ᠠ ᠶᠢ ᠮᠠᠷᠳᠠᠯ ᠦᠭᠡᠶ ᠳᠠᠭᠤᠳᠠᠵᠤ ᠪᠠᠢ᠌ᠳᠠᠭ᠃ ᠪᠢ ᠴᠤ ᠶᠠᠪᠣᠭᠠᠨ ᠳᠠᠭᠠᠨ ᠰᠤᠮ᠎ᠠ ᠡᠭᠡᠴᠢ ᠲᠡᠶ ᠰᠠᠢ᠌ᠬᠠᠨ ᠳᠠᠰᠴᠤ᠂ ᠦᠪᠡᠷ ᠤᠨ ᠡᠭᠡᠴᠢ ᠲᠡᠶ ᠪᠠᠨ ᠠᠳᠠᠯᠢ ᠦᠵᠡᠨ ᠣᠶᠤᠵᠤ ᠰᠢᠳᠡᠭᠦ ᠶᠠᠭᠤᠮ᠎ᠠ ᠪᠠᠨ ᠡᠷᠡᠭᠡᠯᠡᠯ ᠦᠭᠡᠶ ᠥᠭ᠍ᠳᠡᠭ᠌ ᠪᠣᠯᠤᠭᠰᠠᠨ ᠶᠤᠮ᠃

ᠡᠢ᠌ᠮᠤ ᠡᠵᠡᠭᠦᠢ ᠨᠤᠳᠤᠭ ᠲᠤ ᠭᠡᠯᠡᠭᠦ ᠭᠢᠭᠦ ᠪᠠᠨ ᠣᠯᠬᠤ ᠦᠭᠡᠶ ᠳᠤᠭᠳᠠᠪᠣᠷᠢ ᠠᠯᠳᠠᠭᠠᠤᠨ ᠢᠷᠡᠭᠦᠯᠡᠷ ᠭᠡᠯᠡᠭ᠍ᠰᠡᠨ ᠥᠭᠡᠨ ᠳᠡᠭᠡᠨ ᠭᠦᠷᠴᠤ ᠮᠡᠳᠡᠳᠡᠭ᠌ ᠦᠭᠡᠶ ᠦᠪᠡᠷ ᠤᠨ ᠠᠬ᠎ᠠ ᠳᠤ ᠬᠠᠮᠤᠭ ᠣᠴᠠᠭᠠᠷ ᠭᠦᠷᠴᠤ᠂ ᠭᠡᠳᠡᠰᠤ ᠪᠠᠨ ᠶᠡᠭᠦᠯᠡᠮᠡᠷ ᠪᠣᠯᠤᠨ᠎ᠠ᠃ ᠭᠡᠯᠡᠭᠦ ᠳᠡᠭᠡᠨ 《ᠣᠳᠤ ᠠᠵᠢᠯ ᠣᠯᠳᠠᠭ ᠠᠮᠠᠷ ᠦᠦ᠂ ᠣᠷᠢᠳᠠᠪᠠᠷ ᠳᠠᠷᠠ ᠭᠠᠵᠠᠷ ᠨᠢ ᠭᠦᠷᠦᠭᠡᠳ ᠠᠵᠢᠯᠯᠠᠵᠤ ᠪᠠᠢ︕ ᠡᠪ ᠳᠠᠭᠠᠷᠠᠪᠠᠯ ᠴᠢᠮ᠎ᠠ ᠶᠢ ᠣᠳᠠᠯ ᠦᠭᠡᠶ ᠨᠠᠰᠢ ᠰᠢᠯᠵᠢᠭᠦᠯᠦᠭᠡᠳ ᠠᠪᠴᠢᠬᠠᠨ᠎ᠠ》 ᠭᠡᠮᠡᠨ ᠰᠢᠭᠢᠷ ᠠᠮᠠᠯᠠᠴᠢᠬᠠᠭᠠᠤᠨ ᠣᠳᠤ ᠪᠣᠯᠳᠠᠯ᠎ᠠ ᠬᠤᠭᠤᠰᠤᠨ᠃ ᠭᠡᠵᠢᠶ᠎ᠡ ᠨᠢᠭᠡ ᠡᠨᠡ ᠭᠠᠵᠠᠷ ᠡᠴᠡ ᠰᠠᠯᠬᠤ ᠪᠢᠯᠠ ᠭᠡᠵᠤ ᠪᠣᠳᠤᠬᠤ ᠳᠤ ᠵᠥᠪᠭᠡᠨ ᠳᠡᠭ᠍ᠷᠢ ᠡᠴᠡ ᠥᠭᠡᠷ᠎ᠡ ᠶᠠᠭᠤᠮ᠎ᠠ ᠬᠠᠷᠠᠭᠳᠠᠬᠤ ᠦᠭᠡᠶ ᠭᠦᠨ ᠬᠤᠤᠠᠳᠤᠭ ᠲᠤ ᠣᠨᠠᠴᠢᠬᠠᠭᠰᠠᠨ ᠠᠳᠠᠯᠢ ᠰᠠᠨᠠᠭᠳᠠᠵᠤ ᠣᠴᠠᠭᠠᠷ ᠭᠦᠷᠦᠨ᠎ᠡ᠃

ᠪᠢ ᠣᠷᠤᠨ ᠤ ᠳᠤᠯᠤᠭᠠᠢ ᠳᠡᠭᠡᠷ᠎ᠡ ᠪᠠᠢ᠌ᠭ᠎ᠠ ᠵᠠᠬ᠎ᠠ ᠵᠤᠬ᠎ᠠ ᠡᠴᠡ ᠪᠠᠨ ᠰᠠᠮᠠᠷᠠᠵᠤ ᠣᠳᠠᠷᠠᠭᠰᠠᠨ ᠬᠠᠭᠤᠴᠢᠨ ᠭᠡᠳᠤᠨ ᠨᠤᠮ ᠶᠢᠡᠨ ᠨᠢᠭᠡ ᠨᠢᠭᠡ ᠪᠠᠷ ᠳᠠᠭᠢᠨ ᠰᠠᠮᠠᠷᠴᠤ ᠣᠷᠪᠠᠭᠤᠯᠤᠭᠰᠠᠨ ᠪᠣᠯᠪᠠᠴᠤ ᠥᠵᠡᠭᠦ ᠰᠠᠨᠠᠭ᠎ᠠ ᠶᠠᠷᠤ ᠣᠷᠤᠭᠰᠠᠨ ᠦᠭᠡᠶ᠃ ᠳᠡᠭᠡᠭᠡᠳ ᠭᠡᠳᠡᠰᠤ ᠡᠪᠠᠦᠡᠴᠢᠯᠡᠭ᠍ᠰᠡᠨ ᠭᠦᠮᠤᠨ ᠰᠢᠭ᠌ ᠨᠠᠰᠢ ᠴᠠᠰᠢ ᠣᠷᠪᠠᠨ ᠭᠦᠷᠪᠠᠨ ᠪᠠᠢ᠌ᠳᠠᠯ᠎ᠠ ᠪᠣᠳᠤᠯ ᠳᠤ ᠠᠮᠢᠨ᠎ᠠ ᠣᠷᠤᠵᠤ ᠢᠷᠠᠪᠠ᠃ ᠨᠠᠷᠢᠬᠠᠨ ᠣᠷᠳᠤᠯᠵᠢᠨ ᠭᠦᠮᠦᠰᠭᠡ ᠶᠢᠨ ᠳᠤᠤᠷ᠎ᠠ ᠭᠦᠮᠤᠨ ᠢ ᠡᠭ᠍ᠴᠡ ᠬᠠᠷᠠᠬᠤ ᠡᠴᠡ ᠪᠠᠨ ᠬᠠᠯᠢᠷᠠᠭᠠᠤᠨ ᠪᠠᠢ᠌ᠳᠠᠭ ᠰᠡᠷᠭᠦᠯᠡᠩ ᠪᠣᠷᠤ ᠨᠢᠳᠤ ᠲᠡᠶ ᠭᠦᠳᠡᠭᠡ ᠶᠢᠨ ᠭᠦᠭᠡᠷᠦᠭᠦᠨ ᠭᠡᠦᠭᠡᠨ ᠤ ᠳᠦᠷᠢ ᠮᠢᠨᠤ ᠪᠣᠳᠤᠯ ᠤᠨ ᠥᠵᠦᠭᠦᠷ ᠶᠢᠡᠷ ᠭᠢᠯᠠᠰᠤᠨ ᠥᠩᠭᠡᠷᠡᠵᠤ᠂ ᠰᠡᠳᠭᠢᠯ ᠤᠨ ᠶᠤᠩᠬᠤᠷ ᠡᠴᠡ ᠨᠢᠳᠤᠷᠤᠭᠠᠤᠨ ᠠᠪᠣᠨ᠎ᠠ᠃

ᠠᠮᠢᠨ᠎ᠠ ᠲᠡᠶ ᠪᠢ ᠨᠢᠳᠤᠨᠤᠨ ᠨᠠᠮᠤᠷ ᠠᠩᠬ᠎ᠠ ᠳᠠᠨᠢᠯᠴᠠᠭᠰᠠᠨ ᠶᠤᠮ᠃ ᠭᠠᠷᠠᠭ ᠤᠨ ᠡᠳᠦᠷ ᠢ ᠳᠠᠭᠠᠷᠠᠭᠤᠯᠤᠨ ᠪᠠᠢ᠌ᠷᠢ ᠪᠠᠷ ᠳᠦᠭᠦᠷᠡᠩ ᠭᠦᠰᠭᠡᠷᠡᠭ᠍ᠰᠡᠨ ᠊ᠭ᠍‍ᠬᠢᠷ ᠲᠡᠶ ᠬᠤᠪᠴᠠᠰᠤ ᠪᠠᠨ ᠣᠭᠢᠶᠠᠬᠤ ᠪᠠᠷ ᠰᠤᠷᠭᠠᠭᠤᠯᠢ ᠶᠢᠨ ᠡᠮᠦᠨᠡᠭᠦᠷ ᠣᠷᠤᠰᠳᠠᠭ ᠰᠤᠬᠠᠢ᠌ᠳᠤ ᠭᠤᠤᠯ ᠤᠨ ᠭᠦᠪᠠᠭᠡᠨ ᠳᠤ ᠭᠦᠷᠭᠦ ᠦᠶ᠎ᠡ ᠶᠠᠭ ᠰᠠᠢ᠌ᠬᠠᠨ ᠳᠡᠭᠦᠨ ᠤ ᠮᠠᠯ ᠣᠰᠤᠨ ᠳᠤ ᠢᠷᠡᠭᠡᠳ ᠪᠠᠢ᠌ᠵᠠᠢ᠃ ᠣᠮᠳᠠᠭᠠᠰᠤᠭᠠᠤᠨ ᠭᠤᠤᠯ ᠨᠢ ᠬᠠᠳᠠᠬᠤ ᠰᠢᠬᠠᠭᠰᠠᠨ ᠮᠠᠯ ᠭᠤᠤᠯ ᠤᠨ ᠭᠦᠪᠠᠭᠡ ᠪᠠᠷ ᠰᠢᠬᠠᠴᠢᠨ ᠪᠦᠭᠡᠮᠨᠡᠷᠡᠭᠡᠳ ᠣᠰᠤ ᠣᠤᠭᠤᠬᠤ ᠳᠤ ᠳᠠᠷᠠ ᠳᠤᠤᠷᠠᠳᠤ ᠵᠠᠬ᠎ᠠ ᠶᠢ ᠨᠢ ᠬᠤᠮᠢᠵᠤ ᠰᠠᠭᠤᠭᠠᠤᠨ ᠨᠤᠮ ᠦᠵᠡᠨ᠎ᠠ᠃ ᠪᠦᠳᠤᠨ ᠳᠠᠪᠠᠷᠢ ᠬᠤᠪᠴᠠᠰᠤᠨ ᠳᠠᠭᠠᠨ ᠡᠭᠦᠷᠳᠦᠭ᠍ᠰᠡᠨ ᠪᠢ ᠶᠠᠭᠤ ᠴᠤ ᠬᠠᠮᠢᠶᠠᠷᠤᠯ ᠦᠭᠡᠶ ᠪᠠᠷ ᠣᠭᠢᠶᠠᠭᠰᠠᠨ ᠬᠤᠪᠴᠠᠰᠤ ᠪᠠᠨ ᠭᠤᠤᠯ ᠤᠨ ᠣᠰᠤᠨ ᠳᠤ ᠵᠢᠭ᠍ᠳᠡᠢ ᠰᠤᠨᠢᠨ ᠣᠷᠤᠰᠬᠠᠨ ᠵᠠᠢ᠌ᠯᠠᠵᠤ ᠪᠠᠢ᠌ᠭᠠᠤᠨ ᠰᠠᠨᠠᠭᠠᠨ ᠳᠤ ᠦᠭᠡᠶ ᠳᠤᠳᠤᠷ᠎ᠠ ᠡᠯᠢᠭᠡᠪᠴᠢ ᠪᠠᠨ ᠠᠯᠳᠠᠭᠠᠤᠨ ᠶᠠᠪᠣᠭᠤᠯᠴᠢᠬᠠᠯ᠎ᠠ᠃ ᠭᠤᠤᠯ ᠤᠨ ᠣᠷᠤᠰᠬᠠᠯ ᠰᠢᠷᠦᠭᠦᠨ ᠪᠣᠯᠬᠤᠷ ᠣᠷᠤᠰᠴᠤ ᠶᠠᠪᠣᠭ᠎ᠠ ᠡᠯᠢᠭᠡᠪᠴᠢ ᠪᠠᠨ ᠪᠠᠷᠢᠬᠤ ᠭᠡᠵᠤ ᠭᠦᠶ‍ᠦᠭᠡᠳ ᠪᠠᠷᠢᠵᠤ ᠴᠢᠳᠠᠭᠰᠠᠨ ᠦᠭᠡᠶ ᠳᠡᠭᠡᠷ᠎ᠡ ᠣᠰᠤ ᠣᠤᠭᠤᠵᠤ ᠪᠠᠢ᠌ᠭᠰᠠᠨ ᠮᠠᠯ ᠢ ᠴᠤ ᠪᠦᠷ ᠦᠷᠭᠦᠭᠡᠭᠡᠳ ᠭᠦᠭᠡᠭᠡᠴᠢᠭᠡᠪᠡ᠃ ᠮᠠᠯ ᠨᠢ ᠭᠡᠨᠡᠳᠲᠡ ᠦᠷᠭᠦᠭᠦ ᠪᠠᠷ ᠰᠤᠴᠢᠨ ᠥᠡᠳᠡᠢ᠌ᠭ᠍ᠰᠡᠨ ᠳᠠᠷᠠ᠂ ᠳᠤᠭᠰᠠᠨ ᠳᠤᠷᠤᠮ ᠠᠳᠠᠯᠢ ᠭᠦᠭᠯᠡᠨ ᠢᠷᠡᠭᠦ ᠨᠠᠳᠠ ᠶᠢ ᠬᠠᠷᠠᠭᠰᠠᠨ ᠶᠢᠡᠨ ᠬᠠᠵᠠᠭᠤ ᠪᠠᠷ ᠨᠢ ᠣᠷᠤᠰᠤᠨ ᠭᠠᠷᠴᠤ ᠶᠠᠪᠣᠭ᠎ᠠ ᠡᠯᠢᠭᠡᠪᠴᠢ ᠶᠢ ᠮᠢᠨᠢ ᠮᠠᠰᠢ ᠱᠠᠯᠠᠮᠠᠭ ᠰᠢᠭᠦᠷᠤᠨ ᠠᠪᠣᠯ᠎ᠠ᠃ ᠪᠢ ᠭᠡᠷᠡᠭ᠌ ᠭᠠᠷᠭᠠᠭᠰᠠᠨ ᠬᠡᠦᠬᠡᠳ ᠰᠢᠭ᠌ ᠭᠠᠵᠠᠷ ᠰᠢᠷᠳᠠᠨ ᠶᠠᠪᠣᠭᠰᠠᠭᠠᠷ ᠬᠠᠵᠠᠭᠤ ᠳᠤ ᠨᠢ ᠭᠦᠷᠦᠭᠡᠳ᠄

᠊᠊᠊᠊᠊᠊᠊᠊᠊᠊᠊᠊᠊᠊᠊ ᠠᠯᠳᠠᠭᠰᠠᠨ ᠬᠤᠪᠴᠠᠰᠤ ᠪᠠᠨ ᠪᠠᠷᠢᠬᠤ ᠭᠡᠵᠤ ᠭᠦᠶ‍ᠦᠭᠡᠳ ᠮᠠᠯ ᠢ ᠳᠠᠨᠢ ᠪᠦᠷ ᠦᠷᠭᠦᠭᠡᠵᠤ ᠣᠷᠭᠢᠪᠠ ᠭᠡᠵᠤ ᠡᠪ ᠥᠭᠡᠢ᠌ᠷᠭᠡᠨ ᠭᠡᠯᠡᠪᠠᠯ᠄

᠊᠊᠊᠊᠊᠊᠊᠊᠊᠊᠊᠊᠊᠊᠊ ᠮᠠᠯ ᠦᠷᠭᠦᠭᠦ ᠴᠤ ᠭᠠᠢ᠌ᠭᠤᠢ᠂ ᠬᠠᠷᠢᠨ ᠳᠠᠨ ᠤ ᠬᠤᠪᠴᠠᠰᠤ ᠣᠷᠤᠰᠴᠤ ᠶᠠᠪᠣᠭᠠᠤᠨ ᠳᠠᠯᠠᠢ ᠳᠤ ᠣᠷᠤᠴᠢᠬᠠᠪᠠᠯ ᠭᠡᠴᠡᠭᠦᠤ ᠭᠡᠷᠡᠭ᠌ ᠪᠣᠯᠤᠨ᠎ᠠ ᠭᠡᠮᠡᠨ ᠨᠢᠭᠤᠴᠠᠬᠠᠨ ᠢᠨᠢᠶᠡᠮᠰᠦᠭᠯᠡᠵᠤ ᠡᠯᠢᠭᠡᠪᠴᠢ ᠶᠢ ᠮᠢᠨᠢ ᠦᠭ‍ᠭᠦᠭᠡᠳ ᠮᠠᠯ ᠣᠷᠤᠭᠤ ᠪᠠᠨ ᠶᠠᠪᠣᠪᠠ᠃

ᠳᠠᠷᠠ ᠴᠠᠭ ᠲᠤ ᠨᠠᠳᠠ ᠢᠯᠡᠭᠦᠤ ᠳᠤᠳᠠᠭᠤ ᠶᠢ ᠪᠣᠳᠤᠬᠤ ᠰᠦᠪᠡ ᠬᠠᠮᠢᠭ᠎ᠠ ᠪᠠᠢ᠌ᠬᠤ ᠶᠤᠮ᠃ ᠬᠠᠷᠢᠨ ᠣᠭᠢᠶᠠᠭᠰᠠ ᠬᠤᠪᠴᠠᠰᠤᠨ ᠳᠠᠭᠠᠨ ᠡᠵᠡᠨ ᠪᠣᠯᠵᠤ ᠮᠡᠳᠡᠭᠦ ᠦᠭᠡᠶ ᠰᠢᠪᠰᠢᠭ᠍ᠳᠡᠨ ᠪᠠᠢ᠌ᠵᠤ ᠭᠦᠮᠤᠨ ᠤ ᠮᠠᠯ ᠢ ᠭᠦᠭᠡᠭᠡᠴᠢᠭᠡᠳ ᠶᠠᠮᠠᠷ ᠨᠢᠭᠤᠷ ᠶᠢᠡᠷ ᠬᠠᠮᠢᠶᠠᠷᠬᠤ ᠦᠭᠡᠶ ᠬᠠᠷᠠᠵᠤ ᠵᠤᠭᠰᠤᠬᠤ ᠪᠢᠯᠠ︖ ᠭᠡᠷᠡᠭ᠌ ᠳᠠᠳᠠᠴᠢᠬᠠᠭᠠᠤᠨ ᠴᠢᠭᠢ ᠪᠠᠨ ᠵᠥᠭᠡᠯᠡᠷᠡᠳᠡᠯ᠎ᠡ ᠰᠢᠭᠦᠮᠵᠢᠯᠡᠭ᠍ᠳᠡᠭ᠍ᠰᠡᠨ ᠬᠡᠦᠬᠡᠳ ᠰᠢᠭ᠌ ᠭᠦᠯ ᠤᠨ ᠥᠵᠦᠭᠦᠷ ᠶᠢᠡᠨ ᠬᠠᠷᠠᠨ ᠳᠡᠭᠦᠨ ᠤ ᠠᠷᠤ ᠡᠴᠡ ᠳᠠᠭᠤ ᠦᠭᠡᠶ ᠳᠠᠭᠠᠯ᠎ᠠ᠃ ᠨᠠᠳᠠ ᠡᠴᠡ ᠦᠷᠭᠦᠨ ᠵᠠᠢ᠌ᠯᠠᠭᠰᠠᠨ ᠮᠠᠯ ᠳᠠᠭᠢᠨ ᠣᠰᠤᠨ ᠳᠤ ᠡᠷᠭᠢᠵᠤ ᠢᠷᠠᠪᠠ᠃ ᠳᠠᠷᠠ ᠮᠠᠯ ᠤᠨ ᠶᠢᠡᠨ ᠴᠠᠭᠠᠳᠤ ᠵᠠᠬ᠎ᠠ ᠪᠠᠷ ᠡᠷᠭᠢᠨ ᠶᠠᠪᠣᠭᠰᠠᠭᠠᠷ ᠮᠢᠨᠤ ᠬᠤᠪᠴᠠᠰᠤ ᠣᠭᠢᠶᠠᠵᠤ ᠪᠠᠢ᠌ᠭᠰᠠᠨ ᠭᠠᠵᠠᠷ ᠭᠦᠷᠴᠤ ᠢᠷᠡᠭᠡᠳ ᠪᠠᠭ᠎ᠠ ᠠᠵᠢᠨ ᠵᠤᠭᠰᠤᠭᠰᠠᠨ ᠶᠢᠡᠨ᠄

᠊᠊᠊᠊᠊᠊᠊᠊᠊᠊᠊᠊᠊᠊᠊ ᠪᠠᠭᠰᠢ ᠭᠦᠮᠤᠨ ᠪᠢᠷ ᠪᠠᠭᠡᠰ ᠲᠡᠶ ᠪᠠᠨ ᠵᠢᠭᠤᠷᠠᠪᠠᠯ ᠪᠣᠯᠬᠤ ᠡᠴᠡ ᠪᠢᠰᠢ ᠬᠠᠷᠢᠨ ᠬᠤᠪᠴᠠᠰᠤ ᠬᠤᠨᠠᠷ ᠣᠭᠢᠶᠠᠵᠤ ᠰᠠᠢ᠌ᠨ ᠳᠠᠰᠤᠭ᠎ᠠ ᠦᠭᠡᠶ ᠶᠤᠮ ᠪᠠᠢ᠌ᠨ᠎ᠠ᠃ ᠦᠵᠡ ᠡᠨᠡ᠂ ᠊ᠭ᠍‍ᠬᠢᠷ ᠨᠢ ᠭᠠᠷᠤᠭᠰᠠᠨ ᠴᠤ ᠰᠠᠪᠣᠩ ᠨᠢ ᠪᠠᠰᠠ ᠭᠠᠷᠤᠭ᠎ᠠ ᠦᠭᠡᠶ ᠭᠡᠴᠢᠭᠡᠭᠡᠳ ᠭᠤᠤᠯ ᠤᠨ ᠭᠦᠪᠠᠭᠡᠨ ᠳᠤ ᠨᠤᠭᠤᠷᠠᠨ ᠰᠠᠭᠤᠵᠤ ᠰᠠᠶ‍ᠢᠬᠠᠨ ᠮᠢᠨᠤ ᠵᠠᠢ᠌ᠯᠠᠵᠤ ᠪᠣᠢ ᠭᠡᠮᠡᠷ ᠪᠣᠯᠤᠭᠰᠠᠨ ᠬᠤᠪᠴᠠᠰᠤ ᠶᠢ ᠳᠠᠭᠢᠨ ᠵᠠᠢ᠌ᠯᠠᠵᠤ ᠭᠠᠷᠪᠠ᠃ ᠭᠡᠷᠡᠭ᠌ ᠭᠠᠷᠭᠠᠵᠤ ᠭᠡᠩᠭᠡᠷᠭᠡ ᠴᠤᠭᠤᠯᠴᠢᠬᠠᠭᠠᠤᠨ ᠳᠠᠷᠠᠩ ᠭᠦᠮᠤᠨ ᠶᠢᠡᠷ ᠊ᠭ᠍‍ᠬᠢᠷ ᠶᠢᠡᠨ ᠪᠠᠷᠢᠭᠤᠯᠬᠤ ᠨᠢ ᠦᠦ ᠭᠡᠮᠡᠨ ᠪᠣᠳᠤᠵᠤ ᠠᠮᠵᠢᠭᠰᠠᠨ ᠪᠢ ᠶᠠᠭᠠᠷᠠᠨ ᠵᠢᠦᠡᠭᠦᠵᠤ᠄

᠊᠊᠊᠊᠊᠊᠊᠊᠊᠊᠊᠊᠊᠊᠊ ᠳᠠᠨ ᠢ ᠵᠤᠪᠠᠭᠠᠵᠤ ᠭᠡᠷᠡᠭ᠌ ᠦᠭᠡᠶ᠂ ᠠᠯᠢ ᠪᠢ ᠦᠪᠡᠷ ᠶᠢᠡᠨ ᠵᠠᠢ᠌ᠯᠠᠶ᠎ᠠ ᠭᠡᠳ ᠬᠤᠪᠴᠠᠰᠤ ᠪᠠᠨ ᠠᠪᠬᠤ ᠭᠡᠭᠦ ᠳᠡᠭᠡᠨ ᠶᠠᠭ ᠳᠡᠭᠦᠨ ᠤ ᠬᠠᠯᠢᠰᠤᠯᠠᠭᠰᠠᠨ ᠥᠡᠳᠡᠭᠡ ᠭᠡᠮᠡᠷ ᠪᠦᠡᠳᠦᠭᠡᠷ ᠵᠥᠭᠡᠯᠡᠨ ᠭᠠᠷ ᠡᠴᠡ ᠨᠢ ᠪᠣᠷᠤᠭᠤ ᠭᠦᠷᠦᠭᠡᠳ ᠪᠠᠷᠢᠴᠢᠬᠠᠵᠠᠢ᠃ ᠮᠢᠨᠤ ᠭᠡᠨᠡᠳᠲᠡ ᠶᠢᠨ ᠡᠪ ᠬᠠᠪᠣ ᠦᠭᠡᠶ ᠭᠦᠳᠡᠯᠭᠡᠭᠡᠨ ᠳᠤ ᠰᠤᠴᠢᠨ ᠣᠯᠠᠢ᠌ᠭᠰᠠᠨ ᠳᠠᠷᠠ ᠭᠠᠷ ᠶᠢᠡᠨ ᠳᠠᠳᠠᠰᠭᠢᠭᠠᠤᠨ᠄

᠊᠊᠊᠊᠊᠊᠊᠊᠊᠊᠊᠊᠊᠊᠊ ᠶᠠᠭᠤᠨ ᠳᠤ ᠳᠡᠭᠡᠵᠤ ᠰᠠᠠᠳᠤᠷᠴᠢᠬᠠᠭᠰᠠᠨ ᠶᠤᠮ︖ ᠭᠡᠳᠦᠷᠡᠭᠦ ᠳᠡᠭᠡᠨ ᠭᠡᠳᠦᠭᠡᠨ ᠵᠠᠬ᠎ᠠ ᠬᠤᠪᠴᠠᠰᠤ ᠪᠢᠵᠠ᠂ ᠪᠢ ᠣᠭᠢᠶᠠᠭᠠᠤᠨ ᠥᠭ᠍ᠴᠢᠭᠡᠶ᠎ᠡ ᠭᠡᠰᠡᠨ ᠶᠢᠡᠨ ᠪᠦᠷ ᠬᠤᠷᠳᠤᠨ ᠬᠤᠷᠳᠤᠨ ᠭᠦᠳᠡᠯᠵᠤ ᠭᠠᠷᠪᠠ᠃

ᠠᠩᠬ᠎ᠠ ᠣᠴᠠᠷᠠᠭ᠎ᠠ ᠠᠢ᠌ᠯ ᠤᠨ ᠭᠡᠦᠭᠡᠨ ᠤ ᠨᠠᠷ᠎ᠠ ᠣᠰᠤ ᠶᠢ ᠴᠤ ᠰᠤᠷᠴᠤ ᠠᠮᠵᠢᠭᠰᠠᠨ ᠦᠭᠡᠶ ᠪᠠᠷ ᠦᠯᠤᠨ ᠊ᠭ᠍‍ᠬᠢᠷ ᠶᠢᠡᠨ ᠪᠠᠷᠢᠭᠤᠯᠤᠭᠰᠠᠨ ᠳᠠᠭᠠᠨ ᠮᠠᠭᠤᠬᠠᠢ ᠵᠤᠪᠠᠭᠰᠠᠨ ᠪᠢ᠄

᠊᠊᠊᠊᠊᠊᠊᠊᠊᠊᠊᠊᠊᠊᠊ ᠭᠡᠷ ᠴᠢᠨᠢ ᠬᠠᠮᠢᠭ᠎ᠠ ᠪᠠᠢ᠌ᠨ᠎ᠠ︖ ᠤᠢ᠌ᠷᠠᠬᠠᠨ ᠦᠦ︖ ᠳᠡᠭᠡᠭᠡᠳ ᠨᠡᠷ᠎ᠡ ᠴᠢᠨᠢ ᠭᠡᠨ ᠭᠡᠳᠡᠭ᠌ ᠪᠢᠯᠠ︖ ᠭᠡᠭᠦ ᠠᠮᠠ ᠰᠡᠭᠡᠷ ᠨᠢ ᠨᠡᠢ᠌ᠯᠡᠭᠦ ᠦᠭᠡᠶ ᠨᠢᠭᠡ ᠣᠯᠠᠨ ᠠᠰᠠᠭᠤᠯᠳᠠ ᠶᠢ ᠬᠣᠢ᠌ᠨ᠎ᠠ ᠬᠣᠢ᠌ᠨ᠎ᠠ ᠡᠴᠡ ᠨᠢ ᠳᠠᠯᠪᠢᠵᠠᠢ᠃

᠊᠊᠊᠊᠊᠊᠊᠊᠊᠊᠊᠊᠊᠊᠊ ᠮᠢᠨᠤ ᠭᠡᠷ ᠳᠠᠷᠠ ᠥᠵᠡᠭ᠍ᠳᠡᠵᠤ ᠪᠠᠢ᠌ᠭ᠎ᠠ ᠣᠰᠤᠨ ᠰᠠᠭᠤᠯᠭ᠎ᠠ ᠰᠢᠭ ᠱᠤᠪᠣᠭᠤᠷ ᠪᠦᠭᠡᠷᠡᠭ᠌ ᠤᠨ ᠠᠷᠤ ᠳᠤ ᠪᠣᠢ᠃ ᠨᠠᠮ᠎ᠠ ᠶᠢ ᠠᠮᠢᠨ᠎ᠠ ᠭᠡᠳᠡᠭ᠌ ᠭᠡᠴᠢᠭᠡᠭᠡᠳ ᠳᠠᠷᠠ ᠭᠠᠷ ᠳᠠᠭᠢ ᠭᠦᠭᠡᠰᠤ ᠪᠠᠨ ᠰᠡᠭ᠍ᠰᠦᠷᠤᠨ ᠣᠨᠠᠭᠠᠨ᠎ᠠ᠃

ᠴᠠᠭ ᠥᠩᠭᠡᠷᠡᠭᠦ ᠳᠤᠳᠤᠮ ᠥᠩᠭᠡ ᠵᠢᠰᠤ᠂ ᠡᠮᠦᠰᠴᠤ ᠵᠡᠭᠦᠭ᠍ᠰᠡᠨ ᠡᠴᠡ ᠪᠠᠨ ᠠᠪᠣᠭᠠᠤᠨ ᠭᠦᠳᠡᠭᠡ ᠶᠢᠨ ᠪᠠᠢ᠌ᠳᠠᠯ ᠲᠡᠶ ᠪᠠᠨ ᠠᠷᠭ᠎ᠠ ᠦᠭᠡᠶ ᠵᠤᠭᠢᠴᠠᠭᠰᠠᠨ ᠡᠨᠡ ᠪᠣᠷᠤᠭᠵᠢᠭᠤᠨ ᠪᠣᠷᠤ ᠭᠡᠦᠭᠡᠨ ᠢ ᠰᠡᠳᠭᠢᠯ ᠤᠨ ᠣᠭ ᠡᠴᠡ ᠪᠠᠨ ᠬᠠᠢ᠌ᠷᠠᠯᠠᠨ ᠳᠤᠭᠤᠬᠤ ᠬᠠᠯᠠᠭᠤᠨ ᠴᠢᠰᠤ ᠮᠢᠨᠤ ᠰᠤᠳᠠᠯ ᠪᠦᠭᠦᠨ ᠶᠢᠡᠷ ᠦᠶᠡᠷᠯᠠᠨ ᠢᠷᠡᠭᠦ ᠰᠢᠭ᠌ ᠪᠣᠯᠪᠠ᠃

᠊᠊᠊᠊᠊᠊᠊᠊᠊᠊᠊᠊᠊᠊᠊ ᠴᠢ ᠡ᠊ᠨᠳᠡ ᠡᠳᠦᠷ ᠡᠳᠦᠷ ᠮᠠᠯ ᠶᠢᠡᠨ ᠣᠰᠤᠯᠠᠬᠤ ᠪᠠᠷ ᠢᠷᠡᠳᠡᠭ᠌ ᠦᠦ︖

᠊᠊᠊᠊᠊᠊᠊᠊᠊᠊᠊᠊᠊᠊᠊ ᠨᠢᠭᠡ ᠥᠡᠵᠢᠭᠡᠳ ᠢᠷᠡᠳᠡᠭ᠌᠂ ᠵᠠᠷᠢᠮ ᠡᠳᠦᠷ ᠡᠵᠢ ᠢᠷᠠᠨ᠎ᠠ᠃

᠊᠊᠊᠊᠊᠊᠊᠊᠊᠊᠊᠊᠊᠊᠊ ᠨᠤᠮ ᠥᠵᠡᠭᠦ ᠳᠤᠷᠠᠳᠠᠢ ᠪᠠ︖ ᠡᠨᠡ ᠨᠤᠮ ᠰᠠᠢ᠌ᠬᠠᠨ ᠦᠦ︖ ᠭᠡᠳ ᠪᠢ ᠳᠡᠭᠦᠨ ᠤ ᠠᠪᠴᠤ ᠶᠠᠪᠣᠭᠰᠠᠨ ᠨᠤᠮ ᠢ ᠰᠠᠮᠠᠷᠤᠨ ᠦᠵᠡᠯ᠎ᠠ᠃

᠊᠊᠊᠊᠊᠊᠊᠊᠊᠊᠊᠊᠊᠊᠊ ᠳᠤᠷᠠᠳᠠᠢ ᠭᠡᠳ ᠶᠠᠭᠤ ᠪᠣᠯᠬᠤ ᠶᠤᠮ᠂ ᠬᠠᠷᠢᠨ ᠮᠠᠯ ᠳᠤ ᠶᠠᠪᠣᠬᠤ ᠳᠤ ᠨᠤᠮ ᠦᠵᠡᠪᠠᠯ ᠡᠳᠦᠷ ᠳᠦᠷᠭᠡᠨ ᠥᠩᠭᠡᠷᠡᠳᠡᠭ᠌᠃

᠊᠊᠊᠊᠊᠊᠊᠊᠊᠊᠊᠊᠊᠊᠊ ᠴᠢ ᠶᠠᠮᠠᠷ ᠰᠤᠷᠭᠠᠭᠤᠯᠢ ᠳᠡᠭᠦᠰᠪᠡ︖

᠊᠊᠊᠊᠊᠊᠊᠊᠊᠊᠊᠊᠊᠊᠊ ᠶᠠᠮᠠᠷ ᠰᠤᠷᠭᠠᠭᠤᠯᠢ ᠪᠠᠨ ᠳᠡᠭᠦᠰᠭᠦ ᠪᠣᠢ᠂ ᠭᠡᠷ ᠲᠡᠭᠡᠨ ᠦᠪᠡᠷ ᠶᠢᠡᠨ ᠰᠤᠷᠤᠭᠰᠠᠨ ᠣᠬᠠᠭᠠᠨ ᠲᠡᠶ᠃

᠊᠊᠊᠊᠊᠊᠊᠊᠊᠊᠊᠊᠊᠊᠊ ᠳᠠᠨ ᠤ ᠭᠡᠷ ᠲᠡᠭᠡᠨ ᠭᠡᠳᠦᠭᠦᠯᠡ ᠪᠢᠯᠠ︖

᠊᠊᠊᠊᠊᠊᠊᠊᠊᠊᠊᠊᠊᠊᠊ ᠠᠪᠣ ᠡᠵᠢ᠂ ᠳᠡᠭᠦᠤ ᠪᠢᠳᠠ ᠳᠦᠷᠪᠠᠭᠦᠯᠡ᠃ ᠮᠢᠨᠤ ᠳᠡᠭᠦᠤ ᠳᠠᠨ ᠤ ᠰᠤᠷᠭᠠᠭᠤᠯᠢ ᠳᠤ ᠰᠠᠭᠤᠵᠤ ᠪᠠᠢ᠌ᠨ᠎ᠠ᠃ ᠳᠠᠨᠢᠬᠤ ᠪᠠᠢ᠌ᠬ᠎ᠠ︖

᠊᠊᠊᠊᠊᠊᠊᠊᠊᠊᠊᠊᠊᠊᠊ ᠭᠡᠨ ᠭᠡᠳᠡᠭ᠌ ᠶᠤᠮ︖

᠊᠊᠊᠊᠊᠊᠊᠊᠊᠊᠊᠊᠊᠊᠊ ᠠᠪᠢᠶᠠᠰᠳᠤ ᠭᠡᠳᠡᠭ᠌ ᠨᠢᠰᠤᠨ ᠳᠠᠭᠠᠨ ᠵᠦᠪ ᠦᠭᠡᠶ ᠠᠯᠢᠶ᠎ᠠ ᠭᠦᠭᠡ ᠪᠠᠠᠳᠢ ᠪᠣᠢ᠃ ᠭᠡᠷ ᠲᠤ ᠢᠷᠠᠪᠠᠯ ᠮᠢᠨᠤ ᠰᠢᠨ᠎ᠠ ᠢᠷᠡᠭ᠍ᠰᠡᠨ ᠪᠠᠭᠰᠢ ᠭᠢᠴᠢᠶᠠᠯ ᠰᠠᠢ᠌ᠬᠠᠨ ᠵᠢᠭᠠᠳᠠᠭ ᠭᠡᠳ ᠳᠠᠨ ᠢ ᠭᠠᠢ᠌ᠬᠠᠭᠤᠯᠵᠤ ᠭᠠᠷᠳᠠᠭ ᠭᠡᠪᠡ᠃

᠊᠊᠊᠊᠊᠊᠊᠊᠊᠊᠊᠊᠊᠊᠊ ᠳᠠᠨᠢᠯ ᠦᠭᠡᠶ ᠶᠠᠭᠠᠭᠢᠬᠤ ᠪᠣᠢ᠂ ᠮᠢᠨᠤ ᠭᠡᠷ ᠡᠨᠡᠭᠦᠨ ᠳᠤ ᠪᠣᠢ᠂ ᠪᠠᠭᠰᠢ ᠮᠠᠨ ᠤ ᠳᠤ ᠶᠠᠪᠣᠶ᠎ᠠ ᠭᠡᠳ ᠨᠠᠳᠠ ᠲᠡᠶ ᠦᠷᠭᠦᠯᠵᠢ ᠨᠤᠤᠷᠠᠵᠤ ᠪᠠᠢ᠌ᠳᠠᠭ ᠭᠡᠵᠤ ᠪᠢ ᠪᠠᠬᠠᠨ ᠪᠠᠷᠳᠠᠮ ᠠᠶᠠᠰ ᠲᠡᠶ ᠱᠤᠤᠭᠢᠭᠤᠯᠪᠠ᠃

᠊᠊᠊᠊᠊᠊᠊᠊᠊᠊᠊᠊᠊᠊᠊ ᠥᠨᠡᠭᠡᠷ ᠣᠨᠤᠭ᠎ᠠ ᠲᠡᠶ ᠭᠦᠮᠤᠨ ᠳᠡᠭᠡᠨ ᠨᠢᠭᠡ ᠯᠠ ᠦᠨᠳᠠᠢ᠌ᠪᠠᠯ ᠭᠦᠷᠴᠢᠭᠦ ᠭᠠᠵᠠᠷ ᠪᠣᠢ᠃ ᠳᠠ ᠳᠡᠭᠡᠭᠡᠳ ᠠᠷᠠᠢ ᠠᠢ᠌ᠯ ᠳᠤ ᠣᠷᠤᠳᠠᠭ ᠦᠭᠡᠶ ᠰᠠᠭᠢᠯ ᠭᠦᠷᠳᠡᠴᠢᠭᠡᠭ᠍ᠰᠡᠨ ᠨᠢ ᠪᠢᠰᠢ ᠪᠠᠢ ᠯᠠ ᠦᠭᠡᠶ ᠭᠡᠴᠢᠭᠡᠭᠡᠳ ᠳᠤᠷᠤᠭᠰᠢ ᠬᠠᠷᠠᠨ ᠢᠨᠢᠶᠡᠮᠰᠦᠭᠯᠡᠪᠡ᠃

᠊᠊᠊᠊᠊᠊᠊᠊᠊᠊᠊᠊᠊᠊᠊ ᠶᠠᠭᠠᠭᠢᠯ᠎ᠠ ᠭᠡᠵᠤ ᠳ᠋ᠠ᠂ ᠡᠨᠡ ᠭᠠᠷᠠᠭ ᠢᠩᠭᠡᠭᠡᠳ ᠥᠩᠭᠡᠷᠡᠯ᠎ᠡ᠃ ᠳᠠᠨᠢᠭᠠᠤᠨ ᠠᠪᠣᠭᠰᠠᠨ ᠶᠤᠮ ᠴᠢᠨᠢ ᠳᠠᠷᠠᠭ᠎ᠠ ᠭᠠᠷᠠᠭ ᠡᠴᠡ ᠪᠣᠯᠤᠶ᠎ᠠ ᠭᠡᠳ ᠪᠢ ᠪᠣᠰᠴᠤ ᠠᠮᠢᠨ᠎ᠠ ᠶᠢᠨ ᠵᠠᠢ᠌ᠯᠠᠵᠤ ᠭᠠᠷᠭᠠᠭᠰᠠᠨ ᠬᠤᠪᠴᠠᠰᠤᠨ ᠤ ᠥᠵᠦᠭᠦᠷ ᠡᠴᠡ ᠮᠤᠰᠭᠢᠯᠴᠠᠯ᠎ᠠ᠃

ᠮᠢᠨᠤ ᠬᠠᠰᠢᠷᠠᠳᠠᠯ᠎ᠠ ᠪᠠᠨ ᠰᠠᠭᠤᠭᠠᠤᠨ ᠬᠠᠭᠠᠰᠯᠠᠵᠤ ᠴᠢᠳᠠᠭ᠎ᠠ ᠦᠭᠡᠶ ᠪᠠᠢ᠌ᠭᠰᠠᠨ ᠬᠤᠪᠴᠠᠰᠤ ᠶᠢ ᠠᠮᠢᠨ᠎ᠠ ᠶᠠᠭᠤᠨ ᠳᠡᠭᠦᠨ ᠳᠤ ᠦᠭᠡᠶ ᠣᠭᠢᠶᠠᠭᠠᠤᠨ ᠪᠠᠷᠠᠭᠠᠵᠠᠢ᠃ ᠳᠡᠭᠡᠭᠡᠳ ᠵᠠᠢ᠌ᠯᠠᠭᠰᠠᠨ ᠬᠤᠪᠴᠠᠰᠤ ᠪᠠᠨ ᠠᠪᠠᠴᠢᠨ ᠪᠣᠳᠠᠨ ᠳᠡᠭᠡᠷ᠎ᠡ ᠳᠡᠯᠭᠡᠨ ᠬᠠᠳᠠᠭᠠᠴᠢᠬᠠᠭᠠᠤᠨ ᠪᠠᠯᠴᠢᠭᠡᠷ ᠣᠷᠤᠭᠤ ᠪᠠᠨ ᠰᠤᠪᠣᠷᠠᠨ ᠳᠤᠭᠤᠰᠤᠷᠠᠬᠤ ᠰᠦᠷᠦᠭ᠌ ᠤᠨ ᠬᠣᠢ᠌ᠨ᠎ᠠ ᠡᠴᠡ ᠳᠦᠡᠳᠦᠭᠡᠷ ᠡᠪᠯᠡᠭ‍ᠭᠡᠨ ᠳᠠᠰᠢᠶ᠎ᠠ ᠪᠠᠨ ᠦᠯᠤ ᠮᠡᠳᠡᠭ᠌ ᠰᠠᠵᠢᠯᠠᠨ ᠭᠡᠳᠦᠢ ᠠᠯᠬᠤᠭᠰᠠᠨ ᠶᠢᠡᠨ ᠭᠡᠳᠡᠷᠭᠦ ᠡᠷᠭᠢᠨ᠄

᠊᠊᠊᠊᠊᠊᠊᠊᠊᠊᠊᠊᠊᠊᠊ ᠵᠠᠪ ᠲᠡᠶ ᠪᠣᠯ ᠳᠠᠷᠠᠭ᠎ᠠ ᠭᠠᠷᠠᠭ ᠡᠴᠡ ᠭᠡᠷ ᠶᠢᠡᠷ ᠢᠷᠡᠭᠡᠷᠡᠢ︕ ᠪᠠᠢ᠌ᠰᠢᠩ ᠤᠨ ᠮᠤᠬᠤᠷ ᠲᠤ ᠬᠤᠷᠢᠭᠳᠠᠵᠤ ᠰᠠᠭᠤᠬᠤ ᠪᠠᠷ ᠭᠡᠭᠡᠷ᠎ᠡ ᠭᠠᠳᠠᠨ᠎ᠠ ᠭᠠᠷᠴᠤ ᠴᠠᠪᠠᠷ ᠰᠠᠯᠭᠢ ᠪᠠᠷ ᠥᠨᠦᠰᠦᠭᠦᠯᠤᠨ ᠪᠠᠶ᠎ᠠ ᠰᠡᠳᠭᠢᠯ ᠶᠢᠡᠨ ᠰᠡᠷᠭᠦᠭᠡᠪᠠᠯ ᠵᠥᠭᠡᠷ ᠪᠠᠢ᠌ᠬ᠎ᠠ ᠪᠣᠢ ᠭᠡᠴᠢᠭᠡᠭᠡᠳ ᠴᠠᠰᠢ ᠬᠤᠯᠠᠳᠠᠨ ᠶᠠᠪᠣᠵᠤ ᠪᠢᠯᠠ᠃

ᠠᠮᠢᠳᠤᠷᠠᠯ ᠳᠤ ᠮᠢᠨᠢ ᠠᠮᠢᠨ᠎ᠠ ᠢᠯᠡᠷᠡᠭ᠍ᠰᠡᠨ ᠡᠴᠡ ᠶᠠᠭᠤ ᠪᠦᠭᠦᠨ ᠳᠤ ᠢᠳᠡᠭᠡᠯ ᠠᠯᠳᠠᠨ ᠣᠢ᠌ᠤᠠᠬᠠᠷ ᠪᠣᠭᠢᠨᠢᠳᠤᠯ ᠤᠨ ᠭᠦᠨ ᠭᠦᠪ ᠲᠤ ᠰᠢᠭᠢᠤᠠᠴᠤ ᠶᠠᠪᠣᠭᠰᠠᠨ ᠮᠢᠨᠤ ᠬᠠᠯᠠ ᠳᠠᠮᠤ ᠶᠢᠨ ᠬᠠᠭᠠᠰ ᠨᠢ ᠬᠠᠰᠤᠭᠳᠠᠨ ᠣᠢ ᠣᠬᠠᠭᠠᠨ᠂ ᠪᠠᠶ᠎ᠠ ᠰᠡᠳᠭᠢᠯ ᠤᠨ ᠡᠰ ᠪᠦᠭᠦᠨ ᠳᠤ ᠰᠢᠨ᠎ᠠ ᠠᠮᠢᠯᠠᠯ ᠤᠨ ᠭᠦᠴᠤᠨ ᠨᠡᠮᠡᠭ᠍ᠳᠡᠭᠦ ᠰᠢᠭ᠌ ᠪᠣᠯᠤᠭᠰᠠᠨ᠃ ᠬᠡᠳᠦᠢ᠌ᠪᠡᠷ ᠭᠡᠨᠡᠳᠲᠡ ᠶᠢᠨ ᠲᠤᠬᠢᠶᠠᠯ ᠶᠢᠡᠷ ᠠᠩᠬ᠎ᠠ ᠣᠳᠠᠭ᠎ᠠ ᠠᠭᠤᠯᠵᠠᠵᠤ᠂ ᠣᠯᠢᠭᠳᠠᠢ ᠭᠡᠳᠤᠨ ᠥᠭᠡ ᠴᠤ ᠰᠤᠯᠢᠵᠤ ᠴᠢᠳᠠᠭ᠎ᠠ ᠦᠭᠡᠶ ᠪᠣᠯᠪᠠᠴᠤ ᠠᠮᠢᠨ᠎ᠠ ᠶᠢᠨ ᠨᠠᠳᠠ ᠦᠭ‍ᠭᠦᠭ᠍ᠰᠡᠨ ᠰᠠᠭᠤᠭᠳᠠᠯ ᠬᠠᠷᠢᠨ ᠣᠠᠴᠠᠭᠠᠢ ᠭᠦᠨ ᠪᠠᠢ᠌ᠯ᠎ᠠ᠃

ᠳᠠᠷᠠᠭ᠎ᠠ ᠭᠠᠷᠠᠭ ᠪᠣᠯᠬᠤ ᠶᠢ ᠪᠢ ᠳᠠᠰᠴᠤ ᠶᠠᠳᠠᠨ ᠭᠦᠯᠢᠶᠡᠵᠤ ᠪᠠᠢ᠌ᠭᠠᠤᠨ ᠠᠪᠢᠶᠠᠰᠳᠤ ᠪᠠᠨ ᠡᠮᠦᠨ᠎ᠡ ᠪᠠᠨ ᠪᠠᠷᠢᠴᠢᠬᠠᠭᠠᠤᠨ ᠠᠮᠢᠨ᠎ᠠ ᠶᠢᠨ ᠭᠡᠷ ᠲᠤ ᠳᠠᠯᠪᠢᠭᠠᠤᠨ ᠭᠦᠷᠪᠡ᠃ ᠠᠪᠣ ᠡᠵᠢ ᠨᠢ ᠨᠠᠮ᠎ᠠ ᠶᠢ ᠥᠵᠡᠭᠡᠳ 《ᠭᠦᠪᠠᠭᠦᠨ ᠤ ᠮᠢᠨᠢ ᠦᠷᠭᠦᠯᠵᠢ ᠭᠡᠯᠡᠳᠡᠭ᠌ ᠰᠠᠢ᠌ᠨ ᠪᠠᠭᠰᠢ》 ᠭᠡᠵᠡᠭᠡᠨ ᠪᠠᠭᠳᠠᠪᠠᠯ ᠪᠠᠷᠠᠭᠠᠨ ᠳᠡᠭᠡᠷ᠎ᠡ ᠪᠠᠨ ᠳᠠᠯᠪᠢᠮᠠᠷ ᠪᠣᠯᠵᠤ᠂ ᠪᠠᠢ᠌ᠳᠠᠭ ᠪᠦᠭᠦᠨ ᠶᠢᠡᠨ ᠭᠠᠷᠭᠠᠨ ᠭᠦᠯ ᠠᠯᠳᠠᠨ ᠭᠦᠡᠳᠦᠯᠡᠵᠡᠢ᠃ ᠠᠮᠢᠨ᠎ᠠ ᠬᠡᠳᠦᠢ᠌ᠪᠡᠷ ᠭᠡᠦᠭᠡᠨ ᠭᠦᠮᠤᠨ ᠤ ᠳᠦᠷᠤᠯᠭᠢ ᠶᠢᠨ ᠢᠴᠢᠮᠠᠳᠠᠭᠡᠢ ᠵᠠᠩ ᠳᠠᠭᠠᠨ ᠪᠠᠷᠢᠭᠳᠠᠨ ᠢᠴᠢᠩᠭᠦᠷᠡᠨ ᠣᠯᠠᠢ᠌ᠵᠤ ᠪᠠᠢ᠌ᠪᠠᠴᠤ ᠭᠡᠵᠢᠶᠡᠳᠡ ᠰᠡᠷᠭᠦᠯᠡᠩ ᠳᠤᠨᠤᠷᠠᠳᠠᠭ ᠭᠦᠭᠡᠷᠦᠭᠦᠨ ᠨᠢᠳᠤᠨ ᠡᠴᠡ ᠨᠢ ᠪᠠᠶᠠᠷ ᠤᠨ ᠳᠤᠶᠠᠭ᠎ᠠ ᠠᠰᠬᠠᠷᠠᠨ ᠪᠠᠢ᠌ᠪᠠ᠃ ᠪᠢ ᠴᠤ ᠵᠤᠪᠠᠬᠤ ᠪᠠᠶᠠᠰᠬᠤ ᠬᠤᠤᠰᠯᠠᠨ ᠪᠠᠢ᠌ᠵᠤ ᠠᠢ᠌ᠯ ᠳᠤ ᠣᠴᠢᠭᠰᠠᠨ ᠠᠩᠬᠠᠨ ᠤ ᠣᠷᠤᠢ ᠶᠢ ᠠᠯᠭᠠᠵᠤ ᠪᠠᠷᠢᠨ ᠥᠩᠭᠡᠷᠡᠭᠡᠵᠤ ᠪᠢᠯᠠ᠃ ᠳᠡᠭᠡᠵᠤ ᠨᠢᠭᠡ ᠨᠢᠭᠤᠷ ᠬᠠᠭᠠᠷᠠᠭᠰᠠᠨ ᠡᠴᠡ ᠬᠣᠢ᠌ᠰᠢ ᠪᠢ ᠪᠠᠷᠤᠭ ᠭᠠᠷᠠᠭ ᠪᠣᠯᠭᠠᠨ ᠠᠮᠢᠨ᠎ᠠ ᠶᠢᠨ ᠭᠡᠷ ᠣᠷᠤᠭᠤ ᠵᠢᠷᠡᠢ᠌ᠯᠭᠡᠵᠤ᠂ ᠬᠠᠱᠠᠩ ᠮᠤᠷᠢᠨ ᠰᠢᠭ ᠶᠠᠪᠣᠵᠤ ᠶᠠᠳᠠᠭᠠᠤᠨ ᠪᠠᠢ᠌ᠳᠠᠭ ᠣᠴᠠᠭᠠᠷ ᠲᠡᠶ ᠴᠠᠭ ᠤᠨ ᠨᠡᠭᠦᠳᠡᠯ ᠢ ᠵᠤᠪᠠᠯ ᠦᠭᠡᠶ ᠡᠯᠡᠭᠡᠭᠦ ᠪᠣᠯᠪᠠ᠃ ᠭᠡᠰᠡᠭ᠌ ᠬᠤᠭᠤᠴᠠᠭ᠎ᠠ ᠥᠩᠭᠡᠷᠡᠭᠡᠳ ᠠᠮᠢᠨ᠎ᠠ ᠪᠢᠳᠠ ᠬᠤᠶᠠᠷ ᠭᠡᠨ ᠠᠯᠢᠨ ᠲᠡᠶ ᠪᠠᠨ ᠵᠢᠭ᠍ᠳᠡᠢ ᠢᠵᠢᠯᠢᠰᠤᠨ ᠳᠠᠰᠤᠵᠤ᠂ ᠠᠮᠢᠳᠤᠷᠠᠯ ᠬᠠᠢ᠌ᠷ᠎ᠠ ᠶᠢᠨ ᠠᠩᠭᠢᠷ ᠰᠢᠷᠭᠠᠯ ᠡᠳᠦᠷ ᠤᠳ ᠶᠢᠡᠨ ᠰᠡᠳᠭᠢᠯ ᠰᠡᠳᠭᠢᠯ ᠳᠡᠭᠡᠨ ᠬᠠᠳᠠᠭᠠᠯᠠᠨ ᠬᠤᠨᠤᠭᠠᠵᠤ ᠪᠠᠢ᠌ᠯ᠎ᠠ᠃ ᠵᠥᠪᠭᠡᠨ ᠪᠢᠳᠠ ᠬᠤᠶᠠᠭᠤᠯᠠᠬᠠᠨ ᠪᠠᠢ᠌ᠬᠤ ᠳᠠᠭᠠᠨ ᠶᠠᠮᠠᠷᠴᠤ ᠰᠡᠳᠭᠢᠯ ᠤᠨ ᠨᠢᠭᠤᠴᠠ ᠪᠠᠨ ᠪᠦᠷ ᠨᠢᠭᠤᠯ ᠦᠭᠡᠶ ᠭᠡᠯᠡᠯᠴᠡᠳᠡᠭ᠌ ᠪᠣᠯᠤᠭᠰᠠᠨ ᠪᠦᠭᠡᠳ ᠡᠷᠡᠭᠡ ᠵᠢᠷᠤᠭ᠎ᠠ ᠦᠭᠡᠶ ᠨᠢᠭᠡ ᠨᠢᠭᠡᠨ ᠤ ᠪᠠᠨ ᠠᠮᠠ ᠳᠠᠳᠠᠵᠤ ᠰᠠᠭᠤᠳᠠᠭ ᠪᠣᠯᠤᠭᠰᠠᠨ᠃ ᠪᠢ ᠠᠮᠢᠨ᠎ᠠ ᠶᠢᠨ ᠬᠠᠵᠠᠭᠤ ᠳᠤ ᠴᠠᠭ ᠴᠢᠨᠡᠭᠡ ᠪᠠᠷ ᠶᠢᠡᠨ ᠳᠦᠷᠰᠤ ᠥᠭᠡᠢ᠌ᠳᠡᠨ ᠠᠯᠢᠶᠠᠷᠬᠠᠵᠤ᠄

᠊᠊᠊᠊᠊᠊᠊᠊᠊᠊᠊᠊᠊᠊᠊ ᠠᠮᠢᠨ᠎ᠠ ᠡ︕ ᠴᠢ ᠭᠡᠷᠪᠡ ᠨᠠᠳᠠ ᠲᠡᠶ ᠰᠠᠭᠤᠴᠢᠬᠠᠪᠠᠯ ᠪᠢ ᠠᠵᠢᠯ ᠶᠢᠡᠨ ᠬᠠᠶᠠᠭᠰᠠᠨ ᠴᠤ ᠭᠤᠮᠤᠳᠠᠯ ᠦᠭᠡᠶ ᠪᠠᠢ᠌ᠨ᠎ᠠ ᠭᠡᠭᠦ ᠳᠤ᠄

᠊᠊᠊᠊᠊᠊᠊᠊᠊᠊᠊᠊᠊᠊᠊ ᠠᠷᠠᠤᠨ ᠤᠨ ᠪᠠᠭᠰᠢ ᠠᠮᠠᠨ ᠤ ᠪᠠᠨ ᠵᠤᠷᠭ᠎ᠠ ᠪᠠᠷ ᠶᠠᠭᠤ ᠭᠡᠯᠡᠭᠡᠳ ᠪᠠᠢ᠌ᠨ᠎ᠠ︖ ᠪᠢᠳᠠ ᠬᠤᠶᠠᠷ ᠨᠢᠭᠡ ᠵᠠᠯᠠᠨ ᠳᠡᠭᠡᠷ᠎ᠡ ᠪᠣᠯᠪᠠᠰᠤᠷᠠᠳᠠᠭ ᠵᠢᠮᠢᠰ ᠪᠢᠰᠢ ᠭᠡᠵᠤ ᠪᠢ ᠠᠯᠢ ᠡᠷᠳᠡ ᠭᠡᠯᠡᠴᠢᠭᠡᠭ᠍ᠰᠡᠨ᠃ ᠶᠠᠮᠠᠷ ᠨᠢᠭᠡ ᠡᠳᠦᠷ ᠤᠨ ᠶᠠᠪᠣᠳᠠᠯ ᠪᠠᠢ᠌ᠬᠤ ᠪᠢᠰᠢ ᠨᠢᠭᠡ ᠨᠠᠰᠤᠨ ᠤ ᠶᠡᠭᠡ ᠣᠴᠢᠷ ᠶᠢᠡᠨ ᠨᠠᠭᠠᠳᠤᠮ ᠠᠳᠠᠯᠢ ᠦᠵᠡᠵᠤ ᠪᠣᠯᠳᠠᠭ ᠦᠭᠡᠶ ᠰᠢᠤ᠃ ᠪᠦᠭᠡᠷ᠎ᠡ ᠡ ᠭᠡᠳ ᠭᠡᠳᠡᠷᠭᠦ ᠰᠢᠪᠠᠷᠳᠠᠨ᠎ᠠ᠃

᠊᠊᠊᠊᠊᠊᠊᠊᠊᠊᠊᠊᠊᠊᠊ ᠴᠢ ᠨᠠᠮ᠎ᠠ ᠶᠢ ᠥᠨᠡᠭᠡᠷ ᠨᠠᠭᠠᠳᠤᠮ ᠭᠡᠯᠡᠵᠤ ᠪᠣᠢ ᠪᠣᠯᠭᠠᠵᠤ ᠪᠠᠢ᠌ᠨ᠎ᠠ ᠦᠦ︖

᠊᠊᠊᠊᠊᠊᠊᠊᠊᠊᠊᠊᠊᠊᠊ ᠦᠭᠡᠶ ᠡ᠂ ᠶᠠᠭᠠᠭᠢᠵᠤ ᠪᠣᠳᠤᠭᠰᠠᠨ ᠴᠤ ᠪᠢᠳᠠ ᠬᠤᠶᠠᠷ ᠤᠨ ᠵᠠᠶᠠᠭ᠎ᠠ ᠵᠠᠮ ᠬᠤᠶᠠᠷ ᠨᠡᠢ᠌ᠯᠡᠳᠡᠭ᠌ ᠨᠢ ᠪᠢᠰᠢ ᠯᠠ ᠳ᠋ᠠ᠃

᠊᠊᠊᠊᠊᠊᠊᠊᠊᠊᠊᠊᠊᠊᠊ ᠪᠢ ᠶᠠᠭᠠᠭᠢᠭᠠᠤᠨ ᠥᠭᠦᠳᠡᠯ᠎ᠡ ᠪᠠᠨ ᠴᠢᠷᠮᠠᠢ᠌ᠭᠠᠤᠨ ᠴᠢᠨᠤ ᠣᠢ᠌ᠨ ᠳᠤ ᠶᠠᠪᠣᠳᠠᠭ ᠦᠭᠡᠶ ᠪᠣᠢ︖

᠊᠊᠊᠊᠊᠊᠊᠊᠊᠊᠊᠊᠊᠊᠊ ᠣᠢ᠌ᠨ ᠳᠤ ᠶᠠᠪᠣᠬᠤ᠂ ᠶᠠᠪᠣᠬᠤ ᠦᠭᠡᠶ ᠣᠴᠢᠷ ᠪᠢᠰᠢ ᠡ᠃ ᠬᠠᠷᠢᠨ ᠬᠤᠪᠢ ᠢᠷᠦᠭᠡᠯ ᠭᠡᠭ᠍ᠴᠢ ᠶᠢ ᠬᠤᠨᠢᠨ ᠤ ᠮᠤᠷᠢ ᠰᠢᠭ ᠬᠠᠵᠠᠭᠤ ᠳᠠᠭᠠᠨ ᠠᠷᠬᠠᠯᠠᠵᠤ ᠪᠣᠯᠳᠠᠭ ᠦᠭᠡᠶ ᠶᠢ ᠣᠢ᠌ᠯᠠᠭᠠᠷᠠᠢ︕

᠊᠊᠊᠊᠊᠊᠊᠊᠊᠊᠊᠊᠊᠊᠊ ᠥ᠂ ᠴᠢ ᠨᠠᠮ᠎ᠠ ᠶᠢ ᠡ᠊ᠨᠳᠡ ᠡᠴᠡ ᠶᠠᠪᠣᠴᠢᠬᠠᠬᠤ ᠡᠴᠡ ᠠᠶᠤᠭ᠎ᠠ ᠪᠢᠵᠠ︖

᠊᠊᠊᠊᠊᠊᠊᠊᠊᠊᠊᠊᠊᠊᠊ ᠠᠶᠤᠨ᠎ᠠ ᠴᠤ ᠭᠡᠵᠤ ᠳ᠋ᠠ᠂ ᠨᠢᠭᠡ ᠯᠠ ᠪᠦᠳᠦᠭᠦ ᠦᠭᠡᠶ ᠰᠤᠪᠢᠩ ᠰᠡᠳᠭᠢᠯ ᠳᠤ ᠪᠦᠷᠳᠦᠯᠵᠡᠭᠡᠳ ᠪᠠᠢ᠌ᠬᠤ ᠶᠤᠮ ᠁

ᠡᠢ᠌ᠮᠦᠷᠭᠦ ᠡᠭᠢ ᠳᠡᠭᠦᠰᠭᠡᠯ ᠦᠭᠡᠶ᠂ ᠣᠴᠢᠷ ᠣᠬᠠᠭᠠᠨ ᠨᠢ ᠣᠯᠳᠠᠬᠤ ᠦᠭᠡᠶ ᠣᠷᠳᠤ ᠶᠠᠷᠢᠶ᠎ᠠ ᠪᠣᠯᠠᠭ ᠤᠨ ᠣᠰᠤ ᠠᠳᠠᠯᠢ ᠢᠪᠢᠯᠤᠨ ᠪᠢᠳᠠ ᠬᠤᠶᠠᠷ ᠦᠪᠡᠷ ᠤᠨ ᠶᠠᠷᠢᠶᠠᠨ ᠳᠠᠭᠠᠨ ᠡᠷᠭᠢᠭᠡᠭᠡᠳ ᠶᠠᠳᠠᠷᠠᠴᠢᠬᠠᠳᠠᠭ ᠪᠠᠢ᠌ᠯ᠎ᠠ᠃ ᠭᠡᠷᠪᠡ ᠣᠳᠠᠯ ᠦᠭᠡᠶ ᠡᠪᠦᠯ ᠤᠨ ᠭᠦᠢᠳᠡᠨ ᠣᠨᠠᠵᠤ᠂ ᠠᠮᠢᠨ᠎ᠠ ᠶᠢᠨ ᠭᠢᠨ ᠡᠪᠦᠯᠵᠢᠶ᠎ᠡ ᠳᠡᠭᠡᠨ ᠨᠡᠭᠦᠭᠡᠳ ᠶᠠᠪᠣᠴᠢᠬᠠᠭᠰᠠᠨ ᠦᠭᠡᠶ ᠪᠣᠯ ᠪᠠᠰᠠ ᠶᠠᠭᠤᠨ ᠡᠷᠡᠭᠡ᠂ ᠪᠢ ᠠᠮᠢᠨ᠎ᠠ ᠪᠠᠨ ᠡᠳᠦᠷ ᠪᠣᠯᠭᠠᠨ ᠡᠯᠳᠡᠨ ᠭᠤᠤᠴᠢᠯᠠᠵᠤ ᠪᠠᠢ᠌ᠭᠠᠤᠨ ᠡᠳᠦᠢ ᠳᠤ ᠳᠤᠯᠤᠭᠠᠢ ᠶᠢ ᠨᠢ ᠡᠷᠭᠢᠭᠦᠯᠤᠨ ᠠᠮᠠ ᠶᠢ ᠨᠢ ᠠᠯᠳᠠᠭᠤᠯᠵᠤ᠂ ᠰᠡᠳᠭᠢᠯ ᠢ ᠨᠢ ᠣᠭᠤᠰᠤᠷᠯᠠᠭᠰᠠᠨ ᠪᠠᠢ᠌ᠵᠤ ᠴᠤ ᠮᠠᠳᠠᠨ᠎ᠠ᠃ ᠠᠮᠢᠨ᠎ᠠ ᠶᠢᠨ ᠭᠡᠯᠡᠭ᠍ᠰᠡᠨ ᠠᠯᠢ ᠴᠤ ᠨᠢᠭᠡᠨ ᠥᠭᠡᠨ ᠡᠴᠡ ᠨᠠᠳᠠ ᠦᠴᠦᠭᠡᠨ ᠴᠤ ᠬᠠᠢ᠌ᠷ᠎ᠠ ᠰᠡᠳᠭᠢᠯ ᠦᠭᠡᠶ ᠭᠡᠦᠭᠡᠨ ᠪᠢᠰᠢ ᠭᠡᠳᠡᠭ᠌ ᠢ ᠪᠢ ᠣᠢ᠌ᠯᠠᠭᠠᠨ᠎ᠠ᠃ ᠠᠮᠢᠳᠤᠷᠠᠯ ᠳᠤ ᠬᠠᠢ᠌ᠷᠠᠯᠠᠵᠤ ᠳᠤᠭᠤᠭᠰᠠᠨ ᠭᠡᠦᠭᠡᠨ ᠶᠢᠡᠨ ᠰᠡᠳᠭᠢᠯ ᠳᠡᠭᠡᠨ ᠥᠮᠴᠢᠷᠭᠡᠨ ᠬᠠᠳᠠᠭᠠᠯᠠᠵᠤ ᠶᠠᠪᠣᠬᠤ ᠵᠢᠷᠭᠠᠯ ᠲᠡᠶ ᠴᠤ ᠬᠠᠢ᠌ᠷ᠎ᠠ ᠳᠤᠷᠠᠯᠠᠯ ᠢ ᠨᠢ ᠣᠯᠵᠤ ᠴᠢᠳᠠᠬᠤ ᠦᠭᠡᠶ ᠬᠤᠭᠤᠰᠤᠨ ᠭᠦᠯᠢᠶᠡᠵᠤ ᠰᠠᠭᠤᠬᠤ ᠪᠠᠰᠠ ᠵᠤᠪᠠᠯᠠᠩ ᠲᠡᠶ ᠪᠢᠯᠠ᠃ ᠠᠪᠢᠶᠠᠰᠳᠤ ᠶᠢᠨ ᠮᠡᠷᠭᠡᠯᠡᠭᠦ ᠪᠠᠷ ᠭᠠᠵᠠᠷ ᠣᠰᠤᠨ ᠭᠡᠰᠴᠤ᠂ ᠨᠤᠭᠤᠭ᠎ᠠ ᠴᠤᠬᠣᠢ᠌ᠨ ᠮᠠᠯ ᠭᠦᠯᠦᠳᠭᠦ ᠦᠶ᠎ᠡ ᠪᠠᠷ ᠳᠠᠳᠠᠨᠠᠢ᠌ᠭᠢ ᠨᠤᠭᠤᠭᠠᠯᠠᠩ ᠳᠠᠭᠠᠨ ᠨᠡᠭᠦᠭᠡᠳ ᠢᠷᠡᠳᠡᠭ᠌ ᠭᠡᠰᠡᠨ᠃ ᠪᠣᠳᠤᠪᠠᠯ ᠣᠳᠤ ᠨᠡᠭᠦᠵᠤ ᠢᠷᠡᠭᠦ ᠤᠢ᠌ᠷᠠᠳᠤᠭᠰᠠᠨ ᠪᠠᠢ᠌ᠬᠤ ᠶᠤᠰᠤᠳᠠᠢ ᠁

ᠭᠡᠨᠡᠳᠲᠡ ᠪᠠᠢ᠌ᠷᠢ ᠶᠢᠨ ᠡᠭᠦᠳᠡ ᠠᠶᠠᠷᠬᠠᠨ ᠨᠡᠭᠡᠭᠡᠭ᠍ᠳᠡᠵᠤ᠂ ᠰᠢᠷᠤᠢ ᠰᠠᠯᠭᠢᠨ ᠳᠤ ᠨᠢᠭᠤᠷ ᠴᠢᠷᠠᠢ ᠨᠢ ᠪᠣᠷᠵᠠᠢ᠌ᠨ ᠬᠠᠯᠳᠤᠷᠳᠤᠭᠰᠠᠨ ᠠᠪᠢᠶᠠᠰᠳᠤ ᠶᠢᠨ ᠪᠦᠡᠳᠦᠭᠡᠷ ᠳᠤᠯᠤᠭᠠᠢ ᠬᠠᠭᠠᠰ ᠴᠤᠬᠣᠢ᠌ᠭᠠᠤᠨ᠄

᠊᠊᠊᠊᠊᠊᠊᠊᠊᠊᠊᠊᠊᠊᠊ ᠪᠠᠭᠰᠢ ᠡ︕ ᠮᠠᠨ ᠤ ᠭᠡᠷ ᠨᠡᠭᠦᠭᠡᠳ ᠢᠷᠡᠴᠢᠭᠡᠭ᠍ᠰᠡᠨ᠃ ᠮᠢᠨᠤ ᠡᠭᠡᠴᠢ ᠪᠢᠳᠠ ᠬᠤᠶᠠᠷ ᠢ ᠳᠤᠰᠬᠤ ᠪᠠᠷ ᠪᠠᠯᠠᠨ ᠣᠨᠤᠭ᠎ᠠ ᠲᠡᠶ ᠢᠷᠡᠭᠡᠳ ᠰᠤᠷᠭᠠᠭᠤᠯᠢ ᠶᠢᠨ ᠡᠭᠦᠳᠡᠨ ᠳᠡᠭᠡᠷ᠎ᠡ ᠭᠦᠯᠢᠶᠡᠵᠤ ᠪᠠᠢ᠌ᠨ᠎ᠠ ᠭᠡᠵᠤ ᠮᠦᠩᠭᠦᠨ ᠬᠤᠩᠬ᠎ᠠ ᠠᠳᠠᠯᠢ ᠵᠢᠷᠵᠢᠭᠡᠨᠡᠪᠡ᠃

ᠠᠪᠢᠶᠠᠰᠳᠤ ᠶᠢᠨ ᠭᠡᠯᠡᠭᠦ ᠶᠢ ᠰᠤᠨᠤᠰᠤᠭᠠᠤᠨ ᠪᠣᠳᠤᠯ ᠳᠤ ᠣᠷᠢᠶᠠᠭᠳᠠᠵᠤ ᠭᠡᠪᠳᠡᠭ᠍ᠰᠡᠨ ᠪᠢ ᠣᠷᠤᠨ ᠡᠴᠡ ᠪᠠᠨ ᠬᠤᠪᠬᠤ ᠦᠰᠦᠷᠤᠨ ᠪᠣᠰᠤᠯ᠎ᠠ᠃ ᠪᠣᠭᠢᠨᠢᠳᠤᠨ ᠭᠤᠨᠢᠵᠤ ᠪᠠᠢ᠌ᠭᠰᠠᠨ ᠪᠠᠶ᠎ᠠ ᠰᠡᠳᠭᠢᠯ ᠳᠤᠤᠷ᠎ᠠ ᠪᠠᠨ ᠰᠡᠷᠭᠦᠨ ᠳᠠᠨᠢ᠌ᠵᠤ᠂ ᠣᠢ᠌ᠤᠠᠬᠠᠷ ᠲᠤ ᠳᠤᠨᠤᠭᠰᠠᠨ ᠣᠶᠤᠨ ᠮᠠᠳᠠᠷᠠᠯ ᠤᠨ ᠳᠡᠭ᠍ᠷᠢ ᠪᠠᠷ ᠬᠤᠷᠤᠮᠬᠠᠨ ᠵᠠᠭᠤᠷ᠎ᠠ ᠪᠢᠯᠢᠭ᠌ ᠤᠨ ᠬᠤᠷ᠎ᠠ ᠱᠠᠭᠢᠭᠠᠤᠨ ᠥᠩᠭᠡᠷᠡᠭ᠍ᠰᠡᠨ ᠰᠢᠭ᠌ ᠴᠠᠯᠮᠠᠢ᠌ᠨ ᠭᠡᠢ᠌ᠵᠡᠢ᠃ ᠶᠠᠭᠠᠷᠠᠭᠰᠠᠨ ᠭᠦᠭ᠍ᠰᠡᠭ᠍ᠰᠡᠨ ᠳᠡᠭᠡᠨ ᠮᠠᠯᠠᠭᠠᠢ ᠪᠠᠨ ᠴᠤ ᠡᠯᠭᠦᠭᠦ ᠵᠠᠪ ᠦᠭᠡᠶ ᠠᠪᠢᠶᠠᠰᠳᠤ ᠶᠢ ᠪᠣᠷᠪᠢᠳᠠᠨ ᠰᠤᠷᠭᠠᠭᠤᠯᠢ ᠶᠢᠨ ᠡᠭᠦᠳᠡᠨ ᠳᠡᠭᠡᠷ᠎ᠡ ᠢᠷᠠᠪᠠᠯ ᠠᠮᠢᠨ᠎ᠠ ᠳᠠᠠᠳᠠ ᠭᠦᠯᠢᠶᠡᠵᠤ ᠪᠠᠢ᠌ᠪᠠ᠃ ᠢᠨᠢᠶᠡᠮᠰᠦᠭ᠍ᠯᠡᠭᠦ ᠪᠦᠷᠢ ᠵᠦᠩᠳᠡᠭᠡᠨ ᠶᠠᠭᠠᠷᠠᠨ ᠣᠯᠠᠢ᠌ᠴᠢᠬᠠᠳᠠᠭ ᠨᠢᠮᠭᠡᠨ ᠪᠣᠷᠤ ᠴᠢᠷᠠᠢ ᠨᠢ ᠨᠠᠷᠠ ᠰᠠᠯᠭᠢᠨ ᠳᠤ ᠵᠢᠭᠠᠬᠠᠨ ᠰᠢᠷᠠᠭᠳᠠᠨ ᠬᠠᠷᠠᠯᠠᠭᠰᠠᠨ ᠨᠢ ᠳᠡᠭᠦᠨ ᠢ ᠣᠯᠠᠮ ᠭᠦᠭᠡᠷᠦᠭᠦᠨ ᠪᠣᠯᠭᠠᠵᠠᠢ᠃ ᠪᠢᠳᠠ ᠠᠮᠤᠷ ᠮᠠᠠᠳᠤ ᠪᠠᠨ ᠠᠰᠠᠭᠤᠯᠴᠠᠨ ᠵᠤᠯᠭᠠᠭᠰᠠᠨ ᠤ ᠳᠠᠷᠠᠭ᠎ᠠ ᠠᠮᠢᠨ᠎ᠠ ᠠᠪᠢᠶᠠᠰᠳᠤ ᠪᠢᠳᠠ ᠬᠤᠶᠠᠷ ᠢ ᠴᠢᠭᠢ ᠪᠣᠰᠤᠭ᠎ᠠ᠂ ᠴᠡᠭᠡᠵᠢ ᠦᠨᠳᠦᠷ ᠭᠡᠭᠡᠷ ᠮᠤᠷᠢᠨ ᠳᠡᠭᠡᠷ᠎ᠡ ᠪᠠᠨ ᠰᠤᠠᠳᠠᠯᠠᠭᠤᠯᠤᠭᠠᠤᠨ᠄

᠊᠊᠊᠊᠊᠊᠊᠊᠊᠊᠊᠊᠊᠊᠊ ᠳᠠ ᠬᠤᠶᠠᠷ ᠳᠦᠷᠦᠭᠦᠯᠦᠭᠡᠳ ᠭᠡᠷ ᠣᠷᠤᠭᠤ ᠶᠠᠪᠣᠵᠤ ᠪᠠᠢ᠃ ᠪᠢ ᠮᠠᠯ ᠶᠢᠡᠨ ᠣᠰᠤᠯᠠᠨ ᠭᠠᠷᠭᠠᠴᠢᠬᠠᠭᠠᠤᠨ ᠳᠠᠨᠤᠰ ᠤᠨ ᠠᠷᠤ ᠡᠴᠡ ᠭᠦᠷᠦᠶ᠎ᠡ ᠭᠡᠴᠢᠭᠡᠭᠡᠳ ᠴᠠᠰᠢ ᠡᠷᠭᠢᠪᠡ᠃ ᠳᠡᠭᠦᠨ ᠲᠡᠶ ᠬᠠᠮᠳᠤ ᠵᠠᠩᠭᠢᠴᠠᠵᠤ ᠶᠠᠪᠣᠬᠤ ᠡᠨᠡ ᠰᠠᠢ᠌ᠬᠠᠨ ᠵᠠᠪᠰᠢᠶᠠᠨ ᠢ ᠠᠯᠳᠠᠵᠤ ᠶᠠᠭᠠᠮ ᠭᠡᠮᠡᠨ ᠣᠬᠠᠭᠠᠯᠠᠨ ᠠᠮᠵᠢᠭᠰᠠᠨ ᠪᠢ᠄

᠊᠊᠊᠊᠊᠊᠊᠊᠊᠊᠊᠊᠊᠊᠊ ᠡᠰᠡ ᠭᠡᠵᠤ ᠪᠢ ᠪᠠᠰᠠ ᠴᠢᠮ᠎ᠠ ᠲᠡᠶ ᠬᠠᠮᠳᠤ ᠮᠠᠯ ᠣᠰᠤᠯᠠᠯᠴᠠᠶ᠎ᠠ᠂ ᠠᠪᠢᠶᠠᠰᠳᠤ ᠭᠡᠷ ᠶᠢᠡᠨ ᠣᠯᠬᠤ ᠦᠭᠡᠶ ᠭᠡᠭᠦ ᠶᠢᠨ ᠪᠢᠰᠢ ᠭᠠᠭᠴᠠᠭᠠᠷ ᠶᠢᠡᠨ ᠬᠠᠷᠢᠵᠤ ᠪᠠᠢ ᠭᠡᠪᠠᠯ ᠠᠮᠢᠨ᠎ᠠ ᠨᠠᠮ᠎ᠠ ᠶᠢ ᠳᠤᠨᠤᠷᠠᠳᠠᠯ᠎ᠠ ᠰᠢᠷᠳᠡᠭᠡᠳ᠄

᠊᠊᠊᠊᠊᠊᠊᠊᠊᠊᠊᠊᠊᠊᠊ ᠮᠠᠨᠤᠰ ᠲᠤ ᠢᠯᠡᠭᠦᠤ ᠣᠨᠤᠭ᠎ᠠ ᠪᠠᠢ᠌ᠬᠤ ᠦᠭᠡᠶ᠂ ᠳᠠ ᠳᠡᠭᠡᠭᠡᠳ ᠭᠠᠷ ᠶᠢᠡᠨ ᠭᠠᠠᠵᠤᠭᠠᠯᠠᠨ ᠶᠠᠪᠠᠭᠠᠨ ᠠᠯᠬᠤᠭᠠᠤᠨ ᠪᠠᠢ᠌ᠬᠤ ᠭᠡᠷᠡᠭ᠌ ᠦᠦ︖ ᠭᠡᠳ ᠢᠨᠢᠶᠠᠨ᠎ᠠ᠃

᠊᠊᠊᠊᠊᠊᠊᠊᠊᠊᠊᠊᠊᠊᠊ ᠶᠠᠪᠠᠭᠠᠨ ᠭᠡᠷᠡᠭ᠌ ᠦᠭᠡᠶ ᠮᠥᠯᠭᠦᠭ᠍ᠰᠡᠨ ᠴᠤ ᠳᠤᠷᠠᠳᠠᠢ ᠪᠠᠢ᠌ᠨ᠎ᠠ ᠭᠡᠳ ᠪᠢ ᠮᠤᠷᠢᠨ ᠡᠴᠡ ᠪᠠᠨ ᠦᠰᠦᠷᠤᠨ ᠪᠠᠭᠤᠯ᠎ᠠ᠃

ᠳᠤᠩᠭ᠋ᠠᠯᠠᠭ ᠬᠠᠷ᠎ᠠ ᠣᠰᠤ ᠪᠠᠷ ᠬᠠᠳᠠᠭᠰᠠᠨ ᠭᠤᠤᠯ ᠶᠢᠡᠨ ᠳᠡᠪᠳᠦᠭᠡᠭ᠍ᠰᠡᠨ ᠮᠠᠯ ᠭᠦᠷᠦᠰᠤ ᠨᠠᠪᠳᠠᠯᠤᠨ ᠴᠤᠬᠣᠢ᠌ᠭᠰᠠᠨ ᠨᠢᠯᠬ᠎ᠠ ᠨᠤᠭᠤᠭ᠎ᠠ ᠭᠦᠭᠡᠭᠡᠨ ᠳᠡᠷᠭᠡᠭᠡᠳ ᠳᠠᠭᠤᠬᠤ ᠭᠡᠷᠡᠭ᠌ ᠦᠭᠡᠶ ᠪᠠᠯᠴᠢᠭᠡᠷ ᠪᠦᠷᠭᠦᠨ ᠬᠤᠰᠢᠭᠤᠷᠠᠨ᠎ᠠ᠃ ᠠᠮᠢᠨ᠎ᠠ ᠪᠢᠳᠠ ᠬᠤᠶᠠᠷ ᠬᠤᠨᠢᠨ ᠤ ᠭᠠᠭᠴᠠ ᠮᠤᠷᠢ ᠪᠠᠨ ᠭᠠᠷ ᠲᠠᠭᠠᠨ ᠭᠦᠳᠦᠯᠤᠨ ᠮᠠᠯ ᠤᠨ ᠬᠣᠢ᠌ᠨ᠎ᠠ ᠡᠴᠡ ᠵᠡᠷᠭᠡᠴᠡᠨ ᠠᠯᠬᠤᠯᠠᠯ᠎ᠠ᠃

᠊᠊᠊᠊᠊᠊᠊᠊᠊᠊᠊᠊᠊᠊᠊ ᠮᠠᠩᠬᠠᠨ ᠨᠤᠳᠤᠭ ᠲᠤ ᠭᠠᠭᠴᠠᠭᠠᠷ ᠶᠢᠡᠨ ᠮᠠᠯ ᠬᠠᠷᠢᠭᠤᠯᠵᠤ ᠶᠠᠪᠣᠬᠤ ᠳᠤ ᠨᠠᠮ᠎ᠠ ᠶᠢ ᠰᠠᠨᠠᠭᠰᠠᠨ ᠦᠦ︖ ᠭᠡᠳ ᠪᠢ ᠠᠮᠢᠨ᠎ᠠ ᠶᠢ ᠭᠤᠤᠴᠢᠯᠠᠬᠤ ᠳᠤ᠄

᠊᠊᠊᠊᠊᠊᠊᠊᠊᠊᠊᠊᠊᠊᠊ ᠮᠠᠯ ᠬᠠᠷᠢᠭᠤᠯᠵᠤ ᠶᠠᠪᠣᠬᠤ ᠳᠤ ᠭᠡᠵᠢᠶ᠎ᠡ ᠨᠢ ᠭᠦᠮᠤᠨ ᠢ ᠰᠠᠨᠠᠬᠤ ᠴᠢᠯᠦᠭᠡ ᠪᠠᠢ᠌ᠳᠠᠭ ᠶᠤᠮ ᠭᠡᠵᠤ ᠠᠮᠢᠨ᠎ᠠ ᠭᠡᠳᠡᠷᠭᠦ ᠵᠦᠷᠢᠴᠢᠯᠠᠨ᠎ᠠ᠃

᠊᠊᠊᠊᠊᠊᠊᠊᠊᠊᠊᠊᠊᠊᠊ ᠰᠠᠯᠤᠯᠴᠠᠭᠰᠠᠨ ᠡᠴᠡ ᠬᠣᠢ᠌ᠰᠢ ᠨᠠᠳᠠ ᠬᠠᠷᠢᠨ ᠴᠢᠮ᠎ᠠ ᠶᠢ ᠰᠠᠨᠠᠬᠤ ᠦᠭᠡᠶ ᠪᠠᠢ᠌ᠬᠤ ᠴᠢᠯᠦᠭᠡ ᠭᠠᠷᠤᠭᠰᠠᠨ ᠦᠭᠡᠶ ᠭᠡᠪᠠᠯ᠄

᠊᠊᠊᠊᠊᠊᠊᠊᠊᠊᠊᠊᠊᠊᠊ ᠭᠠᠯ ᠣᠷᠤᠭᠤ ᠬᠤᠷᠭᠤᠳᠠᠵᠤ᠂ ᠪᠠᠶ᠎ᠠ ᠪᠠᠨ ᠬᠠᠷᠢᠭᠤᠯᠤᠭᠰᠠᠨ ᠭᠦᠮᠤᠨ ᠳᠤ ᠭᠡᠨ ᠢ ᠰᠠᠨᠠᠬᠤ ᠴᠢᠯᠦᠭᠡ ᠭᠠᠷᠬᠤ ᠦᠭᠡᠶ ᠪᠣᠢ ᠭᠡᠳ ᠥᠭᠡ ᠢᠳᠡᠭᠦᠯᠦᠨ᠎ᠡ᠃

᠊᠊᠊᠊᠊᠊᠊᠊᠊᠊᠊᠊᠊᠊᠊ ᠨᠠᠮ᠎ᠠ ᠶᠢ ᠭᠦᠯᠢᠶᠡᠯᠭᠡᠭᠡᠳ ᠭᠠᠯᠵᠠᠭᠤᠷᠠᠭᠤᠯᠬᠤ ᠰᠢᠬᠠᠵᠤ ᠪᠠᠢ᠌ᠭ᠎ᠠ ᠪᠠᠶᠠᠷ ᠤᠨ ᠴᠢᠮᠡᠭᠡ ᠪᠠᠨ ᠭᠡᠵᠢᠶ᠎ᠡ ᠰᠤᠨᠤᠰᠬᠠᠬᠤ ᠪᠠᠷ ᠪᠠᠢ᠌ᠨ᠎ᠠ︖

᠊᠊᠊᠊᠊᠊᠊᠊᠊᠊᠊᠊᠊᠊᠊ ᠰᠡᠷᠡᠭᠦ ᠦᠭᠡᠶ ᠪᠣᠯ ᠰᠠᠢ᠌ᠬᠠᠨ ᠵᠡᠭᠦᠳᠤ ᠪᠠᠢ᠌ᠨ᠎ᠠ ᠡ᠃

᠊᠊᠊᠊᠊᠊᠊᠊᠊᠊᠊᠊᠊᠊᠊ ᠵᠡᠭᠦᠳᠤᠨ ᠳᠡᠭᠡᠨ ᠪᠢᠰᠢ᠂ ᠵᠢᠷᠦᠭᠡᠨ ᠳᠡᠭᠡᠨ ᠭᠦᠯᠢᠶᠡᠵᠤ ᠪᠠᠢ᠌ᠭ᠎ᠠ ᠳ᠋ᠠ᠃

᠊᠊᠊᠊᠊᠊᠊᠊᠊᠊᠊᠊᠊᠊᠊ ᠣᠭᠤᠨᠤ ᠶᠢᠨ ᠳᠤᠤᠷᠠᠭᠢ ᠣᠨᠠᠭᠠᠤᠨ ᠢᠷᠡᠭᠦ ᠶᠢ ᠭᠦᠯᠢᠶᠡᠭ᠍ᠰᠡᠭᠡᠷ ᠪᠠᠢ᠌ᠭᠠᠤᠨ ᠥᠨᠡᠭᠡ ᠦᠯᠪᠠᠷᠴᠤ ᠥᠭᠦᠯ᠎ᠡ ᠭᠡᠰᠡᠨ ᠢ ᠰᠤᠨᠤᠰᠤᠭᠰᠠᠨ ᠦᠭᠡᠶ ᠦᠦ︖

᠊᠊᠊᠊᠊᠊᠊᠊᠊᠊᠊᠊᠊᠊᠊ ᠴᠢ ᠨᠠᠮ᠎ᠠ ᠶᠢ ᠥᠨᠡᠭᠡᠷ ᠳᠤᠭᠤᠬᠤ ᠦᠭᠡᠶ ᠪᠠᠢ᠌ᠨ᠎ᠠ ᠦᠦ︖

᠊᠊᠊᠊᠊᠊᠊᠊᠊᠊᠊᠊᠊᠊᠊ ᠪᠢ ᠶᠠᠭᠤ ᠭᠡᠵᠤ ᠡᠳᠦᠷ ᠰᠦᠨᠢ ᠦᠭᠡᠶ ᠡ᠊ᠨᠳᠡ ᠡᠴᠡ ᠶᠠᠪᠣᠬᠤ ᠪᠠᠨ ᠪᠣᠳᠤᠭᠠᠤᠨ ᠪᠠᠢ᠌ᠳᠠᠭ ᠬᠤᠳᠠ ᠶᠢᠨ ᠵᠠᠯᠠᠭᠤ ᠲᠡᠶ ᠬᠤᠪᠢ ᠵᠠᠶᠠᠭ᠎ᠠ ᠪᠠᠨ ᠬᠤᠯᠪᠣᠬᠤ ᠪᠢᠯᠠ ⁈

ᠠᠮᠢᠨ᠎ᠠ ᠶᠠᠭ ᠰᠠᠨᠠᠭ᠎ᠠ ᠶᠢ ᠮᠢᠨᠢ ᠨᠠᠪᠳᠠ ᠥᠵᠡᠭ᠍ᠰᠡᠨ ᠰᠢᠭ᠌ ᠰᠢᠷᠬ᠎ᠠ ᠲᠡᠶ ᠭᠠᠵᠠᠷ ᠡᠴᠡ ᠨᠢᠳᠤᠷᠤᠭᠠᠤᠨ ᠠᠪᠬᠤ ᠳᠤ ᠨᠠᠳᠠ ᠬᠠᠷᠢᠭᠤᠯᠬᠤ ᠥᠭᠡ ᠣᠯᠳᠠᠭᠰᠠᠨ ᠦᠭᠡᠶ᠃ ᠦᠨᠡᠨ ᠢ ᠭᠡᠯᠡᠭᠦ ᠳᠤ ᠨᠠᠳᠠ ᠡ᠊ᠨᠳᠡ ᠨᠤᠳᠤᠭᠯᠠᠨ ᠰᠠᠭᠤᠷᠢᠰᠢᠵᠤ ᠠᠢ᠌ᠯ ᠭᠡᠷ ᠪᠠᠢ᠌ᠭᠤᠯᠬᠤ ᠰᠠᠨᠠᠭ᠎ᠠ ᠣᠷᠭᠤᠭ᠎ᠠ ᠦᠭᠡᠶ ᠪᠦᠭᠡᠳ ᠠᠮᠢᠨ᠎ᠠ ᠶᠢ ᠬᠠᠢ᠌ᠷᠠᠯᠠᠨ ᠳᠤᠭᠤᠳᠠᠭ ᠴᠤ ᠳᠡᠭᠦᠨ ᠳᠤ ᠣᠶᠠᠭᠳᠠᠨ ᠡᠯᠡᠰᠦᠳᠡᠢ ᠨᠤᠳᠤᠭ ᠤᠨ ᠡᠯᠡᠰᠤ ᠰᠠᠢ᠌ᠷ ᠳᠤᠳᠤᠷ᠎ᠠ ᠬᠠᠢ᠌ᠷᠠᠨ ᠨᠠᠰᠤ ᠪᠠᠨ ᠬᠠᠷᠠᠯᠠᠭᠤᠯᠬᠤ ᠭᠡᠮᠡᠨ ᠭᠡᠵᠢᠶ᠎ᠡ ᠴᠤ ᠪᠣᠳᠤᠭ᠎ᠠ ᠦᠭᠡᠶ ᠪᠢᠯᠠ᠃ ᠠᠮᠢᠨ᠎ᠠ ᠲᠡᠶ ᠦᠰᠦ ᠪᠠᠨ ᠬᠤᠯᠪᠣᠪᠠᠯ ᠶᠠᠮᠠᠷ ᠡᠨᠡ ᠨᠤᠳᠤᠭ ᠲᠤ ᠨᠠᠰᠤ ᠪᠠᠷ ᠬᠤᠷᠭᠤᠳᠠᠬᠤ ᠠᠯᠪᠠ ᠲᠡᠶ ᠴᠤ ᠪᠢᠰᠢ ᠭᠡᠵᠤ ᠪᠠᠶ᠎ᠠ ᠳᠡᠭᠡᠨ ᠵᠤᠷᠢᠭ ᠦᠭ‍ᠭᠦᠨ ᠰᠡᠳᠭᠢᠯ ᠶᠢᠡᠨ ᠵᠠᠰᠠᠳᠠᠭ ᠪᠠᠢ᠌ᠯ᠎ᠠ᠃

᠊᠊᠊᠊᠊᠊᠊᠊᠊᠊᠊᠊᠊᠊᠊ ᠶᠠᠭᠠᠭᠢᠪᠠ︖ ᠭᠡᠨᠡᠳᠲᠡ ᠳᠠᠭ ᠪᠣᠯᠴᠢᠬᠠᠳᠠᠭ︖ ᠡᠪᠠᠦᠡᠴᠢᠳᠡᠢ ᠭᠠᠵᠠᠷ ᠡᠴᠡ ᠨᠢ ᠬᠠᠵᠠᠭᠠᠤᠨ ᠠᠪᠬᠤ ᠳᠤ ᠡᠪᠠᠳᠦᠯ᠎ᠡ ᠪᠢᠵᠠ︖ ᠭᠡᠳ ᠠᠮᠢᠨ᠎ᠠ ᠦᠷᠭᠦᠯᠵᠢᠯᠡᠨ ᠱᠤᠭᠯᠠᠨ᠎ᠠ᠃

᠊᠊᠊᠊᠊᠊᠊᠊᠊᠊᠊᠊᠊᠊᠊ ᠵᠥᠭᠡᠷ ᠡ︕ ᠭᠡᠯᠡᠯᠴᠡᠭᠡᠳ ᠪᠢ ᠭᠡᠵᠢᠶ᠎ᠡ ᠴᠢᠮ᠎ᠠ ᠶᠢ ᠳᠡᠢ᠌ᠯᠳᠡᠭ᠌ ᠪᠠᠢ᠌ᠯ᠎ᠠ ᠭᠡᠳ ᠪᠢ ᠦᠨᠡᠨ ᠶᠢᠡᠨ ᠭᠡᠯᠡᠯ᠎ᠡ᠃

ᠣᠷᠤᠢ ᠨᠢ ᠠᠮᠢᠨ᠎ᠠ᠂ ᠠᠪᠢᠶᠠᠰᠳᠤ ᠪᠢᠳᠠ ᠭᠤᠷᠪᠠᠭᠤᠯᠠ ᠳᠠᠳᠠᠨ ᠤ ᠢᠯᠡᠭᠦᠤ ᠭᠡᠷ ᠲᠤ ᠰᠦᠨᠢ ᠬᠠᠭᠠᠰᠯᠠᠳᠠᠯ᠎ᠠ ᠪᠣᠭᠤ ᠳᠠᠯᠪᠢᠨ ᠬᠤᠵᠢᠷᠬᠠᠢ ᠪᠠᠨ ᠳᠠᠨᠢ᠌ᠳᠠᠯ᠎ᠠ ᠨᠠᠭᠠᠳᠪᠠ᠃ ᠨᠠᠷᠢᠨ ᠣᠢ᠌ᠯᠠ ᠲᠡᠶ᠂ ᠴᠠᠪᠠᠷ ᠢᠴᠢᠮᠡᠳᠡᠭᠡᠢ ᠳᠡᠭᠡᠷ᠎ᠡ ᠪᠠᠨ ᠰᠡᠷᠭᠦᠯᠡᠩ ᠣᠬᠠᠭᠠᠯᠢᠭ ᠠᠮᠢᠨ᠎ᠠ ᠶᠢᠨ ᠭᠦᠭᠡᠷᠦᠭᠦᠨ ᠳᠦᠷᠢ ᠮᠦᠴᠡ ᠬᠤᠷᠤᠭᠳᠠᠬᠤ ᠳᠤᠰᠤᠮ ᠮᠢᠨᠤ ᠰᠡᠳᠭᠢᠯ ᠤᠨ ᠭᠦᠨ ᠣᠷᠤᠭᠤ ᠠᠭᠤᠰᠤᠨ ᠰᠢᠩᠭᠡᠵᠤ᠂ ᠠᠮᠢᠳᠤᠷᠠᠯ ᠣᠢ᠌ᠯᠠᠰ ᠤᠨ ᠠᠯᠳᠠᠨ ᠵᠢᠯᠤᠭᠤ ᠪᠣᠯᠤᠨ ᠠᠮᠢ ᠨᠠᠰᠤᠨ ᠤ ᠠᠷᠢᠭᠤᠨ ᠪᠣᠯᠠᠭ ᠲᠤ ᠴᠢᠯᠠᠭᠤ ᠪᠣᠯᠤᠨ ᠳᠤᠨᠤᠵᠠᠢ᠃ ᠠᠮᠢᠳᠤᠷᠠᠯ ᠳᠤ ᠮᠢᠨᠢ ᠠᠮᠢᠨ᠎ᠠ ᠦᠭᠡᠶ ᠪᠠᠷ ᠴᠠᠭ ᠡᠳᠦᠷ ᠴᠠᠰᠢ ᠪᠠᠨ ᠵᠢᠭᠠᠬᠠᠨ ᠴᠤ ᠭᠤᠯᠭᠤᠵᠤ ᠦᠭ‍ᠭᠦ ᠦᠭᠡᠶ ᠶᠤᠮ ᠰᠢᠭ ᠰᠠᠨᠠᠭᠳᠠᠭᠰᠠᠨ ᠨᠢ ᠬᠤᠳᠠᠯ ᠪᠢᠰᠢ ᠪᠠᠢ᠌ᠯ᠎ᠠ᠃

ᠭᠡᠰᠡᠭ᠌ ᠭᠦᠭᠡᠷᠦᠯᠳᠦᠭᠡᠳ ᠭᠡᠳᠦᠷᠭᠡᠢ ᠣᠷᠣᠢ᠌ᠳᠠᠬᠤ ᠡᠴᠡ ᠪᠣᠯᠭᠤᠮᠵᠢᠯᠠᠨ ᠪᠢᠳᠠ ᠭᠤᠷᠪᠠᠭᠤᠯᠠ ᠨᠠᠭᠠᠳᠤᠮ ᠶᠢᠡᠨ ᠬᠤᠷᠢᠶᠠᠵᠤ ᠠᠮᠠᠷᠠᠯ᠎ᠠ᠃ ᠠᠷᠪᠠᠤᠨ ᠤᠨ ᠰᠠᠷᠠᠨ ᠤ ᠠᠷᠢᠭᠤᠨ ᠭᠡᠷᠡᠯ ᠳᠤᠭᠤᠨᠤ ᠪᠠᠷ ᠰᠠᠴᠤᠷᠠᠨ ᠠᠰᠬᠠᠷᠠᠵᠤ ᠭᠡᠷ ᠳᠤᠳᠤᠷ᠎ᠠ ᠡᠳᠦᠷ ᠮᠠᠳᠤ ᠰᠠᠷᠠᠭᠤᠯ᠃ ᠨᠠᠳᠠ ᠲᠡᠶ ᠵᠡᠷᠭᠡᠴᠡᠨ ᠭᠡᠪᠳᠡᠭ᠍ᠰᠡᠨ ᠠᠪᠢᠶᠠᠰᠳᠤ ᠣᠳᠠᠭᠰᠠᠨ ᠦᠭᠡᠶ ᠣᠠᠳᠠᠭᠠᠤᠨ ᠦᠭ‍ᠭᠦᠯ᠎ᠡ᠃ ᠭᠡᠷ ᠤᠨ ᠵᠡᠭᠦᠨ ᠬᠠᠶᠠᠭ᠎ᠠ ᠪᠠᠷ ᠭᠡᠪᠳᠡᠭᠡ ᠠᠮᠢᠨ᠎ᠠ ᠴᠤ ᠦᠷᠭᠡᠯᠡᠵᠤ ᠡᠭᠢᠯᠡᠭᠡ ᠪᠣᠯᠤᠯᠳᠠᠢ ᠵᠥᠭᠡᠯᠡᠨ ᠵᠥᠭᠡᠯᠡᠨ ᠠᠮᠢᠰᠬᠤᠨ᠎ᠠ᠃ ᠬᠠᠷᠢᠨ ᠭᠡᠷᠡᠭ᠌ ᠦᠭᠡᠶ ᠳᠤ ᠴᠠᠳᠬᠤᠯᠠᠩ ᠮᠤᠤᠷ ᠰᠢᠭ ᠣᠠᠳᠠᠬᠤ ᠪᠠᠨ ᠭᠢᠭᠡᠳ ᠪᠠᠢ᠌ᠳᠠᠭ ᠮᠢᠨᠤ ᠨᠣᠢ᠌ᠷ ᠢ ᠨᠤᠬᠠᠢ ᠳᠤᠯᠢᠶᠠᠴᠢᠬᠠᠵᠠᠢ᠃ ᠡᠯᠳᠡᠪ ᠤᠨ ᠳᠤᠯᠤᠭᠠᠨ ᠪᠣᠳᠤᠯ ᠰᠡᠳᠭᠢᠯ ᠳᠤ ᠡᠷᠭᠢᠯᠳᠤᠨ ᠳᠤᠳᠤᠷ᠎ᠠ ᠣᠢ᠌ᠮᠤᠷᠠᠨ᠎ᠠ᠃ ᠠᠮᠢᠨ᠎ᠠ ᠶᠢᠨ ᠡᠪᠦᠷ ᠣᠷᠤᠭᠤ ᠱᠠᠯᠠ ᠶᠢᠨ ᠭᠦᠷᠪᠠᠯ ᠠᠳᠠᠯᠢ ᠮᠥᠯᠭᠦᠭᠡᠳ ᠣᠷᠤᠪᠠᠯ ᠶᠠᠭᠠᠭᠢᠳᠠᠭ ᠪᠣᠯ ᠭᠡᠵᠤ ᠭᠡᠰᠡᠭ᠌ ᠠᠢ᠌ᠮᠤᠷᠠᠯ᠎ᠠ᠃ ᠭᠡᠪᠠᠴᠤ ᠠᠢ᠌ᠯ ᠤᠨ ᠭᠡᠦᠭᠡᠨ ᠤ ᠴᠤᠬᠤᠮ ᠰᠠᠨᠠᠭ᠎ᠠ ᠶᠢ ᠣᠢ᠌ᠯᠠᠭᠠᠭᠠᠤᠨ ᠦᠭᠡᠶ ᠬᠣᠢ᠌ᠨ᠎ᠠ ᠭᠡᠳᠤ ᠴᠦᠯᠢᠰᠳᠠᠵᠤ ᠪᠠᠢ᠌ᠭᠠᠤᠨ ᠬᠤᠭᠤᠰᠤᠨ ᠬᠤᠴᠤᠷᠬᠤ ᠪᠠᠨ ᠪᠠᠢ᠌ᠶ᠎ᠠ ᠭᠡᠵᠤ ᠪᠠᠶ᠎ᠠ ᠪᠠᠨ ᠪᠠᠷᠢᠪᠠ᠃ ᠠᠮᠢᠨ᠎ᠠ ᠮᠢᠨᠤ ᠬᠠᠢ᠌ᠷ᠎ᠠ ᠳᠤᠷᠠᠯᠠᠯ᠂ ᠦᠨᠡᠠᠴᠢ ᠰᠡᠳᠭᠢᠯ ᠢ ᠮᠡᠳᠡᠭ᠍ᠰᠡᠭᠡᠷ ᠪᠠᠢ᠌ᠭᠠᠤᠨ ᠮᠡᠳᠡᠭ᠍ᠰᠡᠨ ᠦᠭᠡᠶ ᠶᠤᠮ ᠰᠢᠭ ᠭᠦᠡᠳᠡᠢ᠌ᠷᠡᠵᠤ ᠶᠠᠪᠣᠬᠤ ᠳᠤ ᠳᠡᠭᠦᠨ ᠤ ᠪᠣᠳᠤᠯ ᠰᠡᠳᠭᠢᠯ ᠤᠨ ᠨᠠᠷᠢᠨ ᠭᠦᠯᠢᠶᠡᠰᠤ ᠶᠢ ᠳᠠᠢ᠌ᠯᠤᠨ ᠠᠯᠳᠠᠷᠭᠠᠬᠤ ᠳᠤᠷ᠎ᠠ ᠭᠦᠰᠡᠯ ᠤᠨ ᠵᠥᠭᠡᠯᠡᠨ ᠭᠠᠯ ᠵᠢᠷᠦᠭᠡᠨ ᠳᠤ ᠠᠰᠠᠨ ᠳᠦᠷᠠᠯᠵᠠᠨ᠎ᠠ᠃ ᠴᠣᠢ᠌ᠳᠠᠩ ᠤᠨ ᠳᠤᠯᠤᠭᠠᠢ ᠰᠢᠭ ᠭᠡᠨᠡᠳᠲᠡ ᠠᠰᠠᠭᠰᠠᠨ ᠠᠩᠬᠠᠨ ᠬᠠᠢ᠌ᠷ᠎ᠠ ᠶᠢᠨ ᠭᠠᠯ ᠭᠡᠵᠤ ᠨᠠᠷ᠎ᠠ ᠦᠭᠡᠶ ᠳᠣᠢ᠌ᠮᠠᠷ ᠪᠠᠢ᠌ᠵᠠᠢ᠃ ᠨᠢᠭᠡ ᠰᠢᠳᠠᠭᠰᠠᠨ ᠴᠠᠭ ᠲᠤ ᠳᠠᠭᠢᠵᠤ ᠣᠠᠳᠠᠷᠭᠠᠨ᠎ᠠ ᠭᠡᠳᠡᠭ᠌ ᠪᠠᠯᠪᠠᠷᠠᠭᠰᠠᠨ ᠱᠠᠵᠠᠩ ᠢ ᠵᠥᠢᠭᠦ ᠰᠢᠭ᠌ ᠭᠦᠴᠢᠷ ᠪᠢᠯᠠ᠃ ᠶᠠᠷᠤ ᠨᠢ ᠳᠤᠷᠠᠯᠠᠯ ᠬᠠᠢ᠌ᠷ᠎ᠠ ᠭᠡᠭ᠍ᠴᠢ ᠶᠢ ᠠᠷᠭᠠᠳᠠᠵᠤ ᠪᠣᠯᠬᠤ ᠡᠴᠡ ᠪᠢᠰᠢ ᠠᠯᠪᠠᠳᠠᠵᠤ ᠪᠣᠯᠳᠠᠭ ᠦᠭᠡᠶ ᠬᠠᠤᠯᠢ ᠲᠡᠶ ᠪᠠᠢ᠌ᠪᠠ ᠦᠦ⁈ ᠪᠣᠳᠤᠭᠰᠠᠭᠠᠷ ᠪᠠᠢ᠌ᠳᠠᠯ᠎ᠠ ᠭᠡᠨᠡᠳᠲᠡ ᠪᠣᠳᠤᠯ ᠳᠤ ᠳᠤᠭᠤᠰ ᠣᠷᠤᠵᠤ ᠢᠷᠠᠪᠠ᠃ ᠦᠯᠢᠭᠡᠷ ᠶᠡᠭᠡᠳᠡᠢ ᠭᠦᠮᠤᠨ ᠤ ᠠᠮᠢᠳᠤᠷᠠᠯ ᠳᠤ ᠶᠠᠭᠤᠨ ᠡᠰᠡ ᠬᠠᠷᠭᠤᠨ᠎ᠠ ᠪᠣᠢ᠂ ᠡᠯᠳᠡᠪ ᠤᠨ ᠶ‍ᠢᠰᠤᠨ ᠥᠩᠭᠡ ᠪᠠᠷ ᠡᠷᠢᠶᠡᠯᠡᠵᠤ ᠭᠤᠶᠤᠯᠠᠬᠤ ᠳᠤᠷᠠᠳᠠᠢ ᠭᠠᠩᠭ᠋ᠠᠩ ᠳᠤᠭᠤᠰ ᠭᠡᠵᠤ ᠮᠢᠨᠤ ᠠᠬ᠎ᠠ ᠶᠢᠨ ᠪᠠᠢ᠌ᠭᠤᠯᠭ᠎ᠠ ᠶᠢᠨ ᠳᠠᠷᠤᠭ᠎ᠠ ᠶᠢᠨ ᠭᠠᠭᠴᠠ ᠭᠡᠦᠭᠡᠨ ᠶᠤᠮ᠃ ᠪᠢ ᠳᠡᠭᠦᠨ ᠲᠡᠶ ᠡᠨᠡ ᠡᠪᠦᠯ ᠤᠨ ᠴᠢᠯᠦᠭᠡᠨ ᠳᠤ ᠠᠬ᠎ᠠ ᠶᠢᠨ ᠠᠯᠪᠠᠳᠠᠯᠭ᠎ᠠ ᠪᠠᠷ ᠰᠠ‍‌ᠶᠢ ᠳᠠᠨᠢᠯᠴᠠᠭᠰᠠᠨ ᠪᠢᠯᠠ᠃ ᠳᠤᠭᠤᠰ ᠲᠤ ᠳᠤᠭᠳᠠᠭᠰᠠᠨ ᠠᠵᠢᠯ ᠦᠭᠡᠶ ᠪᠣᠯᠬᠤᠷ ᠬᠤᠳᠠ ᠶᠢᠨ ᠨᠢᠭᠡᠨ ᠰᠡᠯᠡᠭᠦᠨ ᠭᠤᠳᠤᠮᠵᠢᠨ ᠡᠴᠡ ᠪᠠᠢ᠌ᠰᠢᠩ ᠭᠦᠯᠦᠰᠦᠯᠡᠵᠤ ᠮᠠᠵᠢᠶᠠᠩ ᠳᠤᠭᠯᠠᠬᠠᠤ ᠭᠠᠵᠠᠷ ᠡᠷᠭᠢᠯᠡᠵᠤ ᠪᠠᠢ᠌ᠳᠠᠭ᠃ ᠮᠤᠩᠭ᠋ᠤᠯᠴᠤᠳ ᠤᠨ ᠭᠠᠭᠴᠠ ᠮᠡᠳᠡᠳᠡᠭ᠌ ᠮᠠᠢ᠌ᠮᠠᠢ ᠨᠢ ᠮᠠᠵᠢᠶᠠᠩ ᠨᠠᠭᠠᠳᠬᠤ ᠭᠠᠵᠠᠷ ᠡᠷᠭᠢᠯᠡᠭᠦ ᠠᠵᠢᠯ ᠳᠤᠯᠠ ᠡᠭᠦᠨ ᠳᠡᠭᠡᠨ ᠳᠤᠭᠤᠰ ᠴᠤ ᠴᠠᠭᠠᠷᠠᠭᠰᠠᠨ ᠭᠠᠷ ᠪᠠᠢ᠌ᠵᠤ᠂ ᠦᠷᠯᠦᠭᠡ ᠪᠣᠰᠤᠭᠰᠤᠭᠠᠷ ᠡᠰᠢ ᠳᠠᠰᠢ ᠣᠳᠠᠰᠤᠳᠠᠨ ᠭᠢᠳᠠᠯ ᠠᠯᠳᠠᠭᠰᠠᠨ ᠭᠡᠰᠦᠭᠦᠯ ᠭᠦᠮᠦᠰ ᠢ ᠬᠤᠷᠢᠶᠠᠭᠠᠤᠨ ᠡᠳᠦᠷᠵᠢᠨ ᠰᠢᠷᠡᠭᠡ ᠬᠠᠷᠢᠭᠤᠯᠤᠨ ᠣᠯᠵᠠ ᠣᠮᠤᠭ ᠲᠡᠶ ᠰᠠᠭᠤᠨ᠎ᠠ᠃ 《ᠴᠢ ᠭᠡᠷᠪᠡ ᠬᠤᠷᠳᠤᠨ ᠠᠵᠢᠯ ᠰᠢᠯᠵᠢᠶ᠎ᠠ ᠭᠡᠵᠤ ᠪᠣᠳᠤᠪᠠᠯ ᠳᠠᠷᠣᠢ᠌ᠬᠠᠨ ᠮᠠᠨ ᠤ ᠳᠠᠷᠤᠭ᠎ᠠ ᠶᠢᠨ ᠭᠡᠦᠭᠡᠨ ᠤ ᠳᠤᠯᠤᠭᠠᠢ ᠶᠢ ᠡᠷᠭᠢᠭᠦᠯᠵᠤ ᠠᠪ》 ᠭᠡᠮᠡᠨ ᠦᠷᠭᠦᠯᠵᠢ ᠴᠢᠭᠢ ᠢᠳᠡᠭᠡᠳ ᠰᠠᠭᠤᠯᠭᠠᠳᠠᠭ ᠦᠭᠡᠶ ᠠᠬ᠎ᠠ ᠶᠢᠨ ᠶᠠᠩᠰᠢᠯᠭ᠎ᠠ ᠪᠠᠷ ᠪᠢ ᠠᠷᠭ᠎ᠠ ᠦᠭᠡᠶ ᠳᠤᠭᠤᠰ ᠲᠡᠶ ᠬᠠᠷ᠎ᠠ ᠭᠦᠴᠤ ᠪᠠᠷ ᠤᠢ᠌ᠷᠠᠳᠤᠵᠤ ᠡᠭᠢᠯᠡᠭ᠍ᠰᠡᠨ᠃ ᠮᠦᠩᠭᠦ ᠲᠡᠶ ᠯᠠ ᠪᠣᠯ ᠭᠠᠩᠭ᠋ᠠᠩ ᠳᠤᠭᠤᠰ ᠢ ᠣᠷᠭᠠᠯᠠᠬᠤ ᠭᠡᠭ᠍ᠴᠢ ᠭᠠᠷ ᠣᠷᠪᠠᠭᠤᠯᠬᠤ ᠰᠢᠭ ᠠᠮᠠᠷ ᠶᠠᠪᠣᠳᠠᠯ ᠪᠢᠯᠠ᠃ ᠭᠡᠳᠤᠨ ᠣᠳᠠᠭ᠎ᠠ ᠳᠠᠭᠠᠭᠤᠯᠤᠨ ᠬᠤᠭᠤᠯᠠᠨ ᠭᠡᠷ ᠶᠢᠡᠷ ᠪᠠᠭᠤᠵᠤ᠂ ᠰᠢᠨ᠎ᠠ ᠴᠠᠭ ᠤᠨ ᠬᠤᠪᠴᠠᠰᠤᠨ ᠡᠴᠡ ᠳᠤᠷ᠎ᠠ ᠪᠠᠷ ᠨᠢ ᠬᠤᠶᠠᠷ ᠵᠠᠬ᠎ᠠ ᠠᠪᠣᠭᠠᠤᠨ ᠥᠭ᠍ᠴᠢᠭᠡᠭ᠍ᠰᠡᠨ ᠴᠢᠨᠢ ᠨᠠᠳᠠ ᠲᠡᠶ ᠱᠠᠯᠵᠠ ᠠᠳᠠᠯᠢ ᠨᠠᠭᠠᠯᠳᠤᠭᠠᠤᠨ ᠰᠠᠯᠬᠤ ᠦᠭᠡᠶ ᠪᠣᠯᠪᠠ᠃ 《ᠭᠡᠦᠭᠡᠨ ᠲᠡᠶ ᠨᠢ ᠰᠠᠢ᠌ᠨ ᠪᠣᠯᠤᠭᠰᠠᠨ ᠶᠢᠡᠨ ᠵᠠᠪᠠᠯ ᠠᠪᠣ ᠳᠤ ᠨᠢ ᠮᠡᠳᠡᠭᠦᠯᠭᠦ ᠭᠡᠷᠡᠭ᠍ᠳᠡᠢ》 ᠭᠡᠵᠤ ᠠᠬ᠎ᠠ ᠪᠠᠰᠠ ᠴᠢᠭᠢ ᠰᠠᠨᠠᠭ᠎ᠠ ᠬᠤᠶᠠᠷ ᠠᠮᠠᠷᠭᠠᠬᠤ ᠦᠭᠡᠶ ᠪᠣᠯᠬᠤᠷ ᠪᠢ ᠳᠤᠷ᠎ᠠ ᠲᠡᠶ ᠳᠤᠷ᠎ᠠ ᠦᠭᠡᠶ ᠭᠡᠦᠭᠡᠨ ᠳᠤ ᠨᠢ ᠴᠢᠷᠦᠭ᠍ᠳᠡᠨ ᠪᠦᠳᠦᠭᠦᠨ ᠳᠠᠷᠤᠭ᠎ᠠ ᠶᠢᠨ ᠭᠡᠷ ᠶᠢᠡᠷ ᠪᠦᠳᠤᠨ ᠭᠠᠷᠠᠭ ᠭᠡᠯᠳᠡᠢ ᠣᠷᠤᠵᠤ ᠭᠠᠷᠴᠠᠢ᠃ ᠭᠠᠪ ᠳᠠᠭᠠᠷᠠᠭᠰᠠᠨ ᠦᠭᠡᠶ ᠭᠡᠭᠦ ᠡᠴᠡ ᠪᠢᠰᠢ ᠭᠡᠷᠪᠡ ᠭᠠᠪ ᠳᠠᠭᠠᠷᠠᠭᠰᠠᠨ ᠪᠣᠯ ᠭᠠᠩᠭ᠋ᠠᠩ ᠳᠤᠭᠤᠰ ᠮᠢᠨᠤ ᠡᠪᠦᠷ ᠣᠷᠤᠭᠤ ᠱᠠᠯᠳᠠᠩ ᠰᠢᠷᠭᠤᠭᠠᠤᠨ ᠢᠷᠡᠭᠦ ᠡᠴᠡ ᠴᠤ ᠪᠣᠴᠠᠬᠤ ᠦᠭᠡᠶ ᠨᠢᠭᠤᠷ ᠲᠡᠶ ᠭᠡᠦᠭᠡᠨ ᠪᠠᠢ᠌ᠯ᠎ᠠ᠃

ᠴᠢᠯᠦᠭᠡᠨ ᠤ ᠬᠤᠭᠤᠴᠠᠭ᠎ᠠ ᠳᠠᠭᠤᠰᠤᠭᠠᠤᠨ ᠨᠠᠰᠢ ᠮᠤᠷᠳᠠᠳᠠᠭ ᠦᠷᠯᠦᠭᠡ ᠳᠤᠭᠤᠰ ᠨᠢᠭᠡ ᠣᠯᠠᠨ ᠰᠠᠪᠠ ᠲᠡᠶ ᠢᠳᠡᠭᠡᠨ ᠣᠮᠳᠠᠭᠠᠨ ᠳᠡᠭᠦᠵᠢᠯᠡᠨ ᠢᠷᠡᠭᠡᠳ ᠮᠢᠨᠤ ᠪᠣᠭᠴᠤᠨ ᠳᠤ ᠪᠦᠨᠳᠣᠢ᠌ᠳᠠᠯ᠎ᠠ ᠴᠢᠭᠢᠭᠡᠳ ᠵᠤᠭᠰᠤᠭᠰᠠᠨ ᠦᠭᠡᠶ ᠶᠠᠭ ᠯᠠ ᠮᠢᠨᠤ ᠪᠦᠰᠡᠭᠦᠢ ᠶᠤᠮ ᠰᠢᠭ ᠭᠡᠷᠡᠭ᠌ ᠲᠠᠢ ᠭᠡᠷᠡᠭ᠌ ᠦᠭᠡᠶ ᠠᠷᠪᠢᠨ ᠶᠠᠭᠤᠮ᠎ᠠ ᠵᠠᠭᠢᠨ ᠰᠠᠨᠠᠭᠤᠯᠵᠤ ᠪᠢᠯᠠ᠃ ᠡᠨᠡ ᠪᠠᠢ᠌ᠳᠠᠯ ᠢ ᠬᠠᠵᠠᠭᠤ ᠡᠴᠡ ᠬᠠᠷᠠᠭᠰᠠᠨ ᠮᠠᠨ ᠤ ᠠᠬ᠎ᠠ ᠶᠡᠭᠡᠯ᠎ᠡ ᠯᠠ ᠭᠡᠰᠭᠦᠯᠡᠩ ᠴᠢᠷᠠᠢ᠌ᠯᠠᠨ 《ᠮᠢᠨᠤ ᠳᠡᠭᠦᠤ ᠰᠠᠨᠠᠭ᠎ᠠ ᠠᠮᠠᠷ ᠶᠠᠪᠣᠭᠠᠤᠨ ᠠᠵᠢᠯᠯᠠᠵᠤ ᠪᠠᠢ︕ ᠣᠳᠠᠯ ᠦᠭᠡᠶ ᠰᠠᠢ᠌ᠨ ᠴᠢᠮᠡᠭᠡ ᠣᠯᠤᠭᠠᠤᠨ ᠰᠤᠨᠤᠰᠤᠨ᠎ᠠ》 ᠭᠡᠳ ᠠᠮᠠᠨ ᠳᠠᠪᠠ ᠪᠠᠷ ᠶᠢᠡᠨ ᠦᠯᠢᠶᠠᠵᠤ ᠪᠠᠢ᠌ᠭᠰᠠᠨ᠃ ᠰᠤᠷᠭᠠᠭᠤᠯᠢ ᠳᠤ ᠢᠷᠡᠭ᠍ᠰᠡᠨ ᠤ ᠳᠠᠷᠠᠭ᠎ᠠ ᠴᠤ ᠳᠤᠭᠤᠰ ᠪᠠᠢ᠌ᠰᠭᠢᠭᠠᠤᠨ ᠵᠠᠭᠢᠳᠠᠯ ᠪᠢᠰᠢ ᠪᠣᠯ ᠶᠠᠭᠤᠮ᠎ᠠ ᠢᠷᠡᠭᠦᠯᠵᠤ ᠨᠠᠮ᠎ᠠ ᠶᠢ ᠠᠮᠢᠳᠤ ᠪᠠᠷ ᠳᠠᠮᠤᠯᠠᠨ᠎ᠠ᠃ ᠭᠦᠯᠢᠶᠡᠭᠦ ᠨᠢᠭᠡ ᠭᠡᠴᠡᠭᠦᠤ᠂ ᠡᠰᠡ ᠭᠦᠯᠢᠶᠡᠭᠦ ᠬᠤᠶᠠᠷ ᠭᠡᠴᠡᠭᠦᠤ ᠨᠠᠳᠠ ᠥᠨᠡᠭᠡᠷ ᠠᠷᠭ᠎ᠠ ᠣᠯᠳᠠᠬᠤ ᠦᠭᠡᠶ ᠵᠤᠪᠠᠨ᠎ᠠ᠃ ᠳᠤᠷ᠎ᠠ ᠦᠭᠡᠶ ᠳᠤ ᠭᠦᠴᠤᠨ ᠦᠭᠡᠶ ᠭᠡᠭ᠍ᠴᠢ ᠪᠠᠷ ᠳᠤᠭᠤᠰ ᠨᠠᠳᠠ ᠭᠡᠳᠦᠢ ᠰᠠᠢ᠌ᠮᠰᠤᠷᠠᠬᠤ ᠳᠤᠳᠤᠮ ᠮᠢᠨᠤ ᠰᠡᠳᠭᠢᠯ ᠳᠠᠳᠤᠢ ᠴᠠᠷᠴᠠᠨ ᠠᠮᠢᠨ᠎ᠠ ᠪᠠᠨ ᠭᠦᠰᠡᠭᠦ ᠪᠣᠳᠤᠬᠤ ᠰᠡᠳᠭᠢᠯ ᠣᠯᠠᠮ ᠵᠤᠵᠠᠭᠠᠨ ᠪᠣᠯᠳᠠᠭ᠃ ᠭᠡᠪᠠᠴᠤ ᠳᠤᠭᠤᠰ ᠢ ᠭᠤᠮᠤᠳᠠᠭᠠᠬᠤ ᠦᠭᠡᠶ ᠭᠠᠵᠠᠷ ᠭᠤᠮᠤᠳᠠᠭᠠᠴᠢᠬᠠᠪᠠᠯ ᠡᠨᠡ ᠭᠠᠵᠠᠷ ᠨᠢ ᠨᠠᠰᠤ ᠪᠠᠷ ᠬᠤᠷᠢᠭᠳᠠᠴᠢᠬᠠᠳᠠᠭ ᠪᠢᠯᠠ ᠦᠦ ᠭᠡᠭᠦ ᠪᠠᠰᠠ ᠨᠢᠭᠡ ᠪᠣᠳᠤᠯ ᠰᠠᠨᠠᠭᠠᠨ ᠡᠴᠡ ᠴᠢᠩᠭ᠋ᠠᠭᠠᠨ᠎ᠠ᠃ ᠳᠤᠭᠤᠰ ᠤᠨ ᠳᠤᠰᠤ ᠰᠢᠭ ᠬᠠᠢ᠌ᠯᠤᠮᠠᠳᠠᠭᠠᠢ ᠵᠠᠩ ᠢ ᠬᠠᠴᠢᠷᠬᠠᠨ ᠭᠡᠪᠳᠡᠭ᠍ᠰᠡᠭᠡᠷ ᠪᠠᠢ᠌ᠭᠠᠤᠨ ᠪᠢ ᠨᠢᠭᠡ ᠮᠡᠳᠡᠭᠦ ᠳᠤ ᠨᠠᠮ ᠣᠠᠳᠠᠵᠤ ᠣᠷᠭᠢᠵᠠᠢ ᠁

ᠮᠠᠷᠭᠠᠰᠢ ᠨᠢ ᠠᠮᠢᠨ᠎ᠠ ᠶᠢᠨ ᠭᠡᠷ ᠲᠤ ᠢᠮᠠᠭ᠎ᠠ ᠰᠠᠮᠨᠠᠪᠠ᠃ ᠬᠠᠷ᠎ᠠ ᠪᠠᠭ᠎ᠠ ᠡᠴᠡ ᠪᠠᠨ ᠰᠤᠷᠭᠠᠭᠤᠯᠢ ᠰᠤᠶᠤᠯ ᠤᠨ ᠮᠦᠷ ᠭᠦᠭᠡᠭᠡᠵᠤ᠂ ᠮᠠᠯᠴᠢᠨ ᠭᠠᠵᠠᠷ ᠤᠨ ᠬᠠᠷ᠎ᠠ ᠪᠣᠷᠤ ᠠᠵᠢᠯ ᠡᠴᠡ ᠵᠠᠢ᠌ᠳᠠᠵᠤ ᠶᠠᠪᠣᠭᠰᠠᠨ ᠪᠣᠯᠬᠤᠷ ᠭᠡᠨᠡᠳᠲᠡ ᠡᠢ᠌ᠮᠤ ᠣᠢ᠌ᠯᠠ ᠲᠡᠶ ᠣᠷᠢᠶᠠᠯᠳᠤᠬᠤ ᠳᠤ ᠡᠪ ᠳᠠᠮ ᠢ ᠨᠢ ᠣᠯᠬᠤ ᠦᠭᠡᠶ ᠳᠡᠭᠡᠷ᠎ᠡ ᠭᠠᠷ ᠤᠨ ᠰᠢᠷᠪᠣᠰᠤ ᠣᠨᠠᠵᠤ ᠨᠢᠷᠤᠭᠤ ᠨᠤᠭᠤᠰᠤ ᠪᠠᠷ ᠡᠪᠠᠳᠤᠨ ᠶᠠᠳᠠᠷᠠᠭᠰᠠᠨ ᠭᠡᠳᠡᠭ᠌ ᠢ ᠭᠡᠯᠡᠭᠦ ᠭᠠᠵᠠᠷ ᠪᠠᠢ᠌ᠬᠤ ᠦᠭᠡᠶ᠃ ᠳᠡᠭᠡᠭᠡᠳ ᠠᠮᠢᠨ᠎ᠠ ᠶᠢᠨ ᠬᠠᠵᠠᠭᠤ ᠳᠤ ᠪᠢ ᠢᠮᠠᠭ᠎ᠠ ᠰᠠᠮᠨᠠᠵᠤ ᠪᠣᠢ ᠭᠡᠪ ᠭᠠᠷᠤᠭᠠᠤᠨ ᠣᠴᠢᠷ ᠦᠭᠡᠶ ᠪᠠᠶ᠎ᠠ ᠪᠠᠨ ᠵᠤᠪᠠᠭᠠᠭᠰᠠᠨ ᠭᠡᠷᠡᠭ᠌ ᠪᠠᠢ᠌ᠵᠠᠢ᠃ ᠶᠠᠳᠠᠬᠤ ᠳᠤ ᠨᠠᠮ᠎ᠠ ᠶᠢ ᠠᠪᠢᠶᠠᠰᠳᠤ ᠴᠤ ᠭᠡᠳᠤ ᠬᠤᠭᠤᠰᠯᠠᠵᠤ ᠪᠠᠢ᠌ᠨ᠎ᠠ᠃ ᠡᠷ᠎ᠡ ᠶᠢᠨ ᠳᠠᠰᠤᠷᠬᠠᠢ ᠭᠡᠵᠤ ᠪᠠᠢ᠌ᠭᠠᠤᠨ ᠡᠮ᠎ᠡ ᠶᠢᠨ ᠬᠣᠢ᠌ᠨ᠎ᠠ ᠬᠤᠴᠤᠷᠬᠤ ᠳᠠᠭᠠᠨ ᠪᠢ ᠠᠮᠢᠨ᠎ᠠ ᠶᠢᠨ ᠠᠪᠣ ᠡᠴᠡ ᠪᠠᠬᠠᠨ ᠢᠴᠢᠪᠠ᠃ ᠬᠠᠷᠢᠨ ᠵᠦᠢ ᠪᠣᠯᠵᠤ ᠰᠡᠭᠦᠯ ᠤᠨ ᠭᠡᠳᠤᠨ ᠢᠮᠠᠭᠠᠨ ᠦᠯᠡᠳᠡᠭᠦ ᠳᠤ ᠠᠮᠢᠨ᠎ᠠ ᠨᠠᠮ᠎ᠠ ᠶᠢ ᠬᠤᠭᠤᠯᠠ ᠭᠢᠯᠭᠡᠭᠦ ᠪᠠᠷ ᠠᠵᠢᠯ ᠡᠴᠡ ᠴᠢᠯᠦᠭᠡᠯᠡᠵᠡᠢ᠃ ᠦᠭᠡᠶ ᠪᠣᠯ ᠭᠦᠮᠤᠨ ᠤ ᠨᠤᠳᠤᠭ ᠲᠤ ᠪᠠᠢ᠌ᠳᠠᠭ ᠴᠢᠳᠠᠯ ᠶᠢᠡᠨ ᠳᠠᠨᠢᠭᠤᠯᠵᠤ᠂ ᠨᠢᠭᠤᠷ ᠶᠢᠡᠨ ᠭᠦᠳᠡᠵᠤ ᠭᠦᠢᠴᠡᠭᠦ ᠪᠠᠢ᠌ᠬ᠎ᠠ ᠡ︕

ᠪᠣᠰᠤᠭ᠎ᠠ ᠡᠷ᠎ᠡ ᠪᠠᠢ᠌ᠭᠠᠤᠨ ᠠᠯᠢ ᠪᠣᠯᠭᠠᠨ ᠳᠡᠭᠡᠷ᠎ᠡ ᠭᠦᠮᠤᠨ ᠡᠴᠡ ᠬᠤᠴᠤᠷᠤᠭᠠᠤᠨ ᠪᠠᠢ᠌ᠯᠳᠠᠢ ᠪᠢᠰᠢ᠂ ᠠᠵᠢᠯ ᠳᠤ ᠮᠠᠭᠤ ᠴᠤ ᠵᠥᠭᠡᠷ ᠰᠢᠭ᠌ ᠭᠡᠳᠤᠨ ᠨᠤᠭᠤᠭ᠎ᠠ ᠭᠢᠴᠢᠭᠡᠳᠡᠭ᠌ ᠶᠢᠡᠨ ᠭᠠᠢ᠌ᠬᠠᠭᠤᠯᠬᠤ ᠰᠠᠨᠠᠭᠠᠳᠠᠢ ᠭᠠᠷ ᠤᠨ ᠵᠢᠭᠠᠬᠠᠨ ᠡᠷᠳᠡᠮ ᠶᠢᠡᠨ ᠭᠠᠷᠭᠠᠯ᠎ᠠ᠃ ᠰᠠᠨᠠᠭ᠎ᠠ ᠪᠠᠷ ᠬᠠᠭᠤᠷᠤᠭᠰᠠᠨ ᠭᠡᠳᠤᠨ ᠨᠤᠭᠤᠭ᠎ᠠ ᠴᠤ ᠳᠠᠪᠣᠰᠤ ᠬᠤᠯᠢᠯᠴᠠᠭ᠎ᠠ ᠨᠢ ᠳᠠᠭᠠᠷᠠᠨ ᠵᠢᠭ᠍ᠳᠡᠢ ᠠᠮᠳᠠᠳᠠᠢ ᠪᠣᠯᠵᠤ᠂ ᠭᠡᠷ ᠤᠨ ᠡᠵᠡᠨ ᠤ ᠮᠠᠭᠳᠠᠭᠠᠯ ᠳᠤ ᠮᠠᠨᠠᠷᠠᠬᠤ ᠳᠠᠭᠠᠨ ᠡᠮᠦᠰᠦᠭ᠍ᠰᠡᠨ ᠮᠠᠯᠠᠭᠠᠢ ᠪᠠᠨ ᠬᠠᠮᠢᠭ᠎ᠠ ᠳᠠᠯᠪᠢᠬᠤ ᠪᠠᠨ ᠮᠡᠳᠡᠭᠦ ᠦᠭᠡᠶ ᠭᠦᠭᠡᠷᠴᠤ ᠭᠠᠷᠴᠠᠢ᠃

ᠦᠳᠡ ᠶᠢᠨ ᠬᠤᠭᠤᠯᠠᠨ ᠤ ᠳᠠᠷᠠᠭ᠎ᠠ ᠠᠮᠢᠨ᠎ᠠ ᠶᠢᠨ ᠠᠪᠣ ᠳᠠᠷᠢᠶᠠᠯᠠᠬᠤ ᠳᠤᠰᠬᠤᠨ ᠡᠴᠡ ᠭᠦᠯᠦᠰᠤᠨ ᠬᠤᠨᠢᠴᠢᠨ ᠬᠠᠢ᠌ᠬᠤ ᠪᠠᠷ ᠶᠠᠪᠣᠬᠤ ᠳᠤ ᠠᠮᠢᠨ᠎ᠠ ᠪᠢᠳᠠ ᠬᠤᠶᠠᠷ ᠳᠠᠳᠠᠨ ᠤ ᠭᠡᠷ ᠤᠨ ᠡᠮᠦᠨ᠎ᠡ ᠪᠠᠢ᠌ᠳᠠᠭ ᠳᠠᠷᠠ ᠣᠰᠤᠨ ᠰᠠᠭᠤᠯᠭ᠎ᠠ ᠰᠢᠭ ᠱᠤᠪᠣᠭᠤᠷ ᠪᠦᠭᠡᠷᠡᠭ᠌ ᠳᠡᠭᠡᠷ᠎ᠡ ᠭᠠᠷᠤᠯ᠎ᠠ᠃

᠊᠊᠊᠊᠊᠊᠊᠊᠊᠊᠊᠊᠊᠊᠊ ᠦᠨᠳᠦᠷ ᠳᠡᠭᠡᠷ᠎ᠡ ᠭᠠᠷᠬᠤ ᠳᠤ ᠨᠢᠳᠤᠨ ᠨᠡᠭᠡᠭᠡᠭ᠍ᠳᠡᠭᠡᠳ ᠰᠠᠢ᠌ᠠᠬᠠᠨ ᠪᠠᠢ᠌ᠨ᠎ᠠ ᠡ᠂ ᠡᠨᠡ ᠪᠦᠭᠡᠷᠡᠭ᠌ ᠶᠠᠮᠠᠷ ᠨᠠᠷ᠎ᠠ ᠲᠡᠶ ᠶᠤᠮ︖

᠊᠊᠊᠊᠊᠊᠊᠊᠊᠊᠊᠊᠊᠊᠊ ᠪᠣᠯᠵᠤᠭ᠎ᠠ ᠪᠦᠭᠡᠷᠡᠭ᠌ ᠭᠡᠳᠡᠭ᠌ ᠶᠤᠮ᠃

᠊᠊᠊᠊᠊᠊᠊᠊᠊᠊᠊᠊᠊᠊᠊ ᠶᠠᠮᠠᠷ ᠰᠤᠨᠢᠨ ᠨᠠᠷ᠎ᠠ ᠲᠡᠶ ᠶᠤᠮ︖ ᠶᠠᠭᠠᠭᠢᠭᠠᠤᠨ ᠢᠩᠭᠢᠵᠤ ᠨᠡᠷᠡᠯᠡᠭ᠍ᠰᠡᠨ ᠪᠣᠯ︖

᠊᠊᠊᠊᠊᠊᠊᠊᠊᠊᠊᠊᠊᠊᠊ ᠬᠠᠭᠤᠴᠢᠨ ᠳᠤ ᠬᠤᠰᠢᠭᠤᠨ ᠤ ᠨᠤᠶᠠᠨ ᠠᠪᠠ ᠳᠤ ᠭᠠᠷᠬᠤ ᠳᠠᠭᠠᠨ ᠣᠯᠠᠨ ᠲᠡᠶ ᠪᠠᠨ ᠡ᠊ᠨᠳᠡ ᠪᠣᠯᠵᠤᠳᠠᠭ ᠪᠠᠢ᠌ᠭᠰᠠᠨ ᠡᠴᠡ ᠡᠢ᠌ᠮᠤ ᠨᠠᠷ᠎ᠠ ᠲᠡᠶ ᠪᠣᠯᠤᠯ᠎ᠠ ᠭᠡᠰᠡᠨ᠃

᠊᠊᠊᠊᠊᠊᠊᠊᠊᠊᠊᠊᠊᠊᠊ ᠠᠮᠢᠨ᠎ᠠ ᠡ︕ ᠳᠡᠭᠡᠪᠠᠯ ᠬᠤᠶᠠᠭᠤᠯᠠ ᠡ᠊ᠨᠳᠡ ᠠᠮᠢᠳᠤᠷᠠᠯ ᠬᠠᠢ᠌ᠷ᠎ᠠ ᠶᠢᠨ ᠠᠩᠬᠠᠨ ᠤ ᠪᠣᠯᠵᠤᠭ᠎ᠠ ᠪᠠᠨ ᠳᠠᠯᠪᠢᠴᠢᠬᠠᠬᠤ ᠦᠦ︖

᠊᠊᠊᠊᠊᠊᠊᠊᠊᠊᠊᠊᠊᠊᠊ ᠪᠦᠳᠦᠭᠦ ᠢᠷᠦᠭᠡᠯ ᠦᠭᠡᠶ ᠣᠴᠢᠷ ᠢ ᠪᠢᠳᠡᠭᠡᠢ ᠳᠤᠷᠠᠰᠤᠭᠠᠤᠨ ᠪᠠᠢ᠌ᠭᠠᠷᠠᠢ︕

᠊᠊᠊᠊᠊᠊᠊᠊᠊᠊᠊᠊᠊᠊᠊ ᠶᠠᠭᠠᠭᠢᠭᠠᠤᠨ ᠪᠦᠳᠦᠭᠦ ᠦᠭᠡᠶ ᠶᠤᠮ︖

᠊᠊᠊᠊᠊᠊᠊᠊᠊᠊᠊᠊᠊᠊᠊ ᠶᠠᠭᠠᠭᠢᠯ᠎ᠠ ᠭᠡᠳ ᠪᠦᠳᠦᠭᠦ ᠶᠤᠮ︖

᠊᠊᠊᠊᠊᠊᠊᠊᠊᠊᠊᠊᠊᠊᠊ ᠰᠡᠳᠭᠢᠯ ᠢᠳᠡᠭᠡᠯ ᠪᠠᠢ᠌ᠪᠠᠯ ᠯᠠᠪ ᠪᠦᠳᠦᠨ᠎ᠡ᠃

᠊᠊᠊᠊᠊᠊᠊᠊᠊᠊᠊᠊᠊᠊᠊ ᠦᠨᠡᠨ ᠶᠢᠡᠨ ᠭᠡᠯᠡᠪᠠᠯ ᠪᠢ ᠴᠤ ᠵᠠᠷᠢᠮ ᠳᠠᠭᠠᠨ ᠢᠩᠭᠡᠵᠤ ᠪᠣᠳᠤᠳᠠᠭ ᠶᠤᠮ᠃ ᠭᠡᠳᠡᠯ᠎ᠡ ᠠᠮᠢᠳᠤᠷᠠᠯ ᠢ ᠵᠥᠪᠭᠡᠨ ᠠᠬᠠᠷ ᠪᠣᠳᠤᠯ ᠶᠢᠡᠷ ᠬᠠᠷᠠᠭᠠᠤᠨ ᠪᠣᠯᠳᠠᠭ ᠦᠭᠡᠶ ᠶᠤᠮ ᠡ︕ ᠣᠳᠤ ᠳᠡᠭᠡᠷ᠎ᠡ ᠪᠠᠨ ᠳᠠ ᠳᠤᠤᠷ ᠲᠤ ᠬᠤᠷᠢᠭᠳᠠᠭᠰᠠᠨ ᠪᠣᠯᠵᠤᠮᠤᠷ ᠰᠢᠭ ᠳᠤᠯᠬᠤ ᠳᠠᠶ‍ᠢᠭ᠂ ᠳᠦᠰᠢᠭᠦ ᠮᠤᠳᠤᠨ ᠣᠯᠳᠠᠬᠤ ᠦᠭᠡᠶ ᠭᠠᠴᠢᠭᠳᠠᠬᠤ ᠳᠠᠭᠠᠨ ᠬᠠᠢ᠌ᠷ᠎ᠠ ᠶᠢᠨ ᠰᠠᠯᠭᠢ ᠪᠠᠨ ᠬᠠᠰᠢᠵᠤ ᠴᠢᠳᠠᠬᠤ ᠦᠭᠡᠶ ᠬᠠᠠᠳᠤᠭᠰᠠᠨ ᠵᠥᠭ᠌ ᠲᠤ ᠭᠦᠭᠡᠷᠭᠡᠳᠡᠵᠤ ᠪᠠᠢ᠌ᠭ᠎ᠠ᠃ ᠭᠡᠷᠪᠡ ᠡᠨᠡ ᠡᠯᠡᠰᠤᠨ ᠨᠤᠳᠤᠭ ᠡᠴᠡ ᠠᠶᠠᠷᠯᠠᠵᠤ ᠬᠤᠳᠠ ᠶᠢᠨ ᠠᠮᠢᠳᠤᠷᠠᠯ ᠳᠠᠭᠠᠨ ᠣᠷᠤᠪᠠᠯ ᠭᠡᠯᠡᠭ᠍ᠰᠡᠨ ᠪᠣᠳᠤᠭᠰᠠᠨ ᠴᠢᠨᠢ ᠭᠦᠭᠡᠰᠤ ᠪᠣᠯᠤᠭᠠᠤᠨ ᠰᠠᠷᠨᠢᠬᠤ ᠶᠢ ᠪᠢ ᠮᠠᠳᠠᠨ᠎ᠠ᠃ ᠪᠦᠳᠦᠭᠦ ᠢᠷᠦᠭᠡᠯ ᠦᠭᠡᠶ ᠠᠷᠢᠭᠤᠨ ᠳᠤᠷᠠᠯᠠᠯ ᠶᠢᠡᠨ ᠭᠦᠳᠡᠭᠡ ᠳᠤ ᠳᠤᠨᠤᠭᠰᠠᠨ ᠭᠡᠭᠡᠷ᠎ᠡ ᠶᠢᠨ ᠣᠰᠤᠨ ᠳᠤ ᠴᠠᠷᠴᠠᠭᠠᠬᠤ ᠶᠢ ᠳᠠᠨᠢ ᠪᠢ ᠭᠦᠰᠡᠭᠦ ᠦᠭᠡᠶ ᠭᠡᠴᠢᠭᠡᠭᠡᠳ ᠠᠮᠢᠨ᠎ᠠ ᠴᠠᠰᠢ ᠡᠷᠭᠢᠨ ᠨᠢᠯᠪᠣᠰᠤ ᠪᠠᠨ ᠠᠷᠴᠢᠪᠠ᠃

ᠮᠠᠯ ᠤᠨ ᠪᠣᠷᠪᠢ ᠬᠠᠷᠠᠭᠰᠠᠨ ᠭᠦᠳᠡᠭᠡ ᠶᠢᠨ ᠪᠣᠷᠤ ᠭᠡᠦᠭᠡᠨ ᠤ ᠠᠮᠠᠨ ᠡᠴᠡ ᠡᠢ᠌ᠮᠦᠷᠭᠦ ᠠᠮᠢᠳᠤᠷᠠᠯ ᠤᠨ ᠪᠠᠶᠠᠨ ᠶᠤᠰᠤ ᠵᠦᠢ ᠨᠢᠭᠤᠭᠳᠠᠭᠰᠠᠨ ᠥᠭᠡ ᠭᠠᠷᠬᠤ ᠭᠡᠵᠤ ᠮᠢᠨᠤ ᠰᠠᠨᠠᠭ᠎ᠠ ᠵᠡᠭᠦᠳᠤᠨ ᠳᠤ ᠴᠤ ᠪᠠᠢ᠌ᠭ᠎ᠠ ᠦᠭᠡᠶ᠃ ᠴᠠᠰᠢ ᠨᠢ ᠭᠡᠯᠡᠭᠦ ᠥᠭᠡ ᠣᠯᠳᠠᠬᠤ ᠦᠭᠡᠶ ᠳᠠᠭᠯᠠᠷᠠᠬᠤ ᠳᠠᠭᠠᠨ ᠵᠥᠭᠡᠷ ᠯᠠ ᠥᠭᠡᠷ ᠬᠤᠯᠤᠰᠤ ᠶᠢᠨ ᠨᠠᠷᠢᠨ ᠥᠵᠦᠭᠦᠷ ᠶᠢᠡᠷ ᠭᠠᠵᠠᠷ ᠰᠠᠪᠠᠨ ᠭᠡᠰᠡᠭ᠌ ᠰᠠᠭᠤᠭᠰᠠᠨ ᠶᠢᠡᠨ᠄

᠊᠊᠊᠊᠊᠊᠊᠊᠊᠊᠊᠊᠊᠊᠊ ᠬᠠᠷᠠᠭᠠᠤᠨ ᠪᠠᠢ᠌ᠬᠤ ᠳᠤ ᠴᠢ ᠨᠠᠮ᠎ᠠ ᠶᠢ ᠨᠢᠭᠡ ᠯᠠ ᠢᠳᠡᠭᠡᠭᠦ ᠦᠭᠡᠶ ᠶᠠᠩᠵᠤ ᠲᠡᠶ᠃ ᠦᠨᠡᠨ ᠶᠢᠡᠨ ᠭᠡᠯᠡᠭᠡᠳ ᠪᠣᠯᠬᠤ ᠦᠭᠡᠶ ᠪᠣᠯ ᠶᠠᠭᠠᠭᠢᠬᠤ ᠪᠣᠢ᠂ ᠠᠯᠪᠠᠳᠠᠬᠤ ᠦᠭᠡᠶ ᠳ᠋ᠠ᠃ ᠭᠡᠳᠡᠯ᠎ᠡ ᠠᠷᠢᠭᠤᠨ ᠰᠡᠳᠭᠢᠯ ᠡᠴᠡ ᠭᠦᠪᠦᠷᠡᠭ᠍ᠰᠡᠨ ᠠᠩᠬᠠᠨ ᠬᠠᠢ᠌ᠷ᠎ᠠ ᠶᠢᠨ ᠨᠠᠭᠢᠶ᠎ᠠ ᠶᠢ ᠡᠯᠡᠰᠤ ᠪᠠᠷ ᠳᠠᠷᠤᠭᠠᠤᠨ ᠳᠠᠯᠳᠠᠯᠠᠵᠤ ᠴᠢᠳᠠᠬᠤ ᠦᠭᠡᠶ ᠭᠡᠳᠡᠭ᠌ ᠢ ᠣᠢ᠌ᠯᠠᠭᠠᠭᠠᠷᠠᠢ︕ ᠪᠠᠶ᠎ᠠ ᠮᠢᠨᠢ ᠡᠨᠡ ᠨᠤᠳᠤᠭ ᠡᠴᠡ ᠠᠶᠠᠷᠯᠠᠭᠰᠠᠨ ᠴᠤ ᠰᠡᠳᠭᠢᠯ ᠮᠢᠨᠢ ᠡ᠊ᠨᠳᠡ ᠦᠯᠡᠳᠡᠭ᠌ ᠳ᠋ᠠ ᠭᠡᠴᠢᠭᠡᠭᠡᠳ ᠪᠢ ᠪᠣᠰᠴᠤ ᠪᠣᠯᠵᠤᠭ᠎ᠠ ᠪᠦᠭᠡᠷᠡᠭ᠌ ᠤᠨ ᠡᠮᠦᠨ᠎ᠡ ᠥᠵᠦᠭᠦᠷ ᠳᠡᠭᠡᠷ᠎ᠡ ᠴᠢᠯᠠᠭᠤ ᠳᠡᠭᠦᠨ ᠣᠪᠣᠭᠠᠯᠠᠵᠤ ᠡᠭᠢᠯᠡᠪᠡ᠃

ᠡᠯᠡᠰᠦᠷᠭᠡᠭ᠌ ᠴᠠᠢ᠌ᠳᠠᠮ ᠨᠤᠳᠤᠭ ᠲᠤ ᠴᠢᠯᠠᠭᠤ ᠬᠤᠪᠣᠷ ᠪᠠᠢ᠌ᠳᠠᠭ ᠴᠤ ᠪᠣᠯᠵᠤᠭ᠎ᠠ ᠪᠦᠭᠡᠷᠡᠭ᠌ ᠤᠨ ᠣᠷᠤᠢ ᠳᠡᠭᠡᠷ᠎ᠡ ᠭᠡᠨ ᠶᠠᠭᠤᠨ ᠨᠢ ᠠᠪᠴᠢᠷᠠᠭᠰᠠᠨ ᠢ ᠮᠡᠳᠡᠭᠦ ᠦᠭᠡᠶ᠂ ᠲᠦᠪᠡᠳ ᠨᠤᠮ ᠶᠠᠭᠰᠢᠳᠠᠯ᠎ᠠ ᠰᠡᠢ᠌ᠯᠦᠭ᠍ᠰᠡᠨ ᠬᠠᠪᠳᠠᠭᠠᠢ᠌ᠯᠢᠭ ᠭᠦᠭᠡ ᠴᠢᠯᠠᠭᠤᠳ ᠭᠦᠯ ᠳᠠᠯᠪᠢᠬᠤ ᠵᠠᠢ ᠦᠭᠡᠶ ᠭᠦᠰᠭᠡᠷᠡᠵᠤ ᠪᠠᠢ᠌ᠯ᠎ᠠ᠃ ᠮᠠᠳᠠᠷᠠᠯ ᠨᠢ ᠭᠡᠮᠳᠦᠭ᠍ᠰᠡᠨ ᠭᠦᠮᠤᠨ ᠰᠢᠭ᠌ ᠭᠡᠨᠡᠳᠲᠡ ᠪᠣᠰᠤᠭᠠᠤᠨ ᠴᠢᠯᠠᠭᠤ ᠣᠪᠣᠭᠠᠯᠠᠵᠤ ᠡᠭᠢᠯᠡᠭᠦ ᠳᠤ ᠠᠮᠢᠨ᠎ᠠ ᠶᠢᠨ ᠬᠠᠷᠠᠴᠠ ᠨᠠᠳᠠ ᠡᠴᠡ ᠰᠠᠯᠬᠤ ᠪᠠᠨ ᠪᠠᠢ᠌ᠴᠢᠬᠠᠭᠠᠤᠨ᠄

᠊᠊᠊᠊᠊᠊᠊᠊᠊᠊᠊᠊᠊᠊᠊ ᠶᠠᠮᠠᠷ ᠡᠪᠡᠳᠴᠢᠨ ᠳᠤᠰᠴᠢᠬᠠᠭᠠᠤᠨ ᠶᠠᠭᠠᠭᠢᠵᠤ ᠪᠠᠢ᠌ᠬᠤ ᠨᠢ ᠡᠨᠡ ᠪᠣᠢ ᠭᠡᠵᠤ ᠭᠠᠢ᠌ᠬᠠᠯ᠎ᠠ᠃

᠊᠊᠊᠊᠊᠊᠊᠊᠊᠊᠊᠊᠊᠊᠊ ᠳᠤᠷᠠᠯᠠᠯ ᠤᠨ ᠡᠪᠡᠳᠴᠢᠨ ᠣᠯᠴᠢᠬᠠᠭᠠᠤᠨ ᠡᠨᠡ ᠨᠤᠳᠤᠭ ᠲᠤ ᠳᠦᠭᠡᠷᠢᠵᠤ ᠪᠣᠳᠤᠯᠢᠵᠤ ᠶᠠᠪᠣᠭᠰᠠᠨ ᠶᠢᠡᠨ ᠳᠡᠮᠳᠡᠭ᠍ᠯᠡᠵᠤ ᠡ᠊ᠨᠳᠡ ᠪᠢ ᠣᠪᠣᠭ᠎ᠠ ᠪᠣᠰᠬᠠᠵᠤ ᠪᠠᠢ᠌ᠨ᠎ᠠ᠃ ᠡᠵᠡᠨ ᠦᠭᠡᠶ ᠬᠠᠶᠠᠭᠳᠠᠭᠰᠠᠨ ᠬᠠᠢ᠌ᠷ᠎ᠠ ᠶᠢᠨ ᠣᠪᠣᠭ᠎ᠠ ᠶᠢ ᠮᠢᠨᠢ ᠡᠨᠡ ᠨᠤᠳᠤᠭ ᠤᠨ ᠨᠠᠷᠠ ᠰᠠᠯᠭᠢ ᠨᠢ ᠦᠨᠦᠰᠴᠤ ᠪᠠᠢ᠌ᠭ︕ ᠡᠳᠡᠭᠡᠷ ᠴᠢᠯᠠᠭᠤᠳ ᠥᠭᠢᠷᠡᠭᠦ ᠦᠭᠡᠶ ᠬᠣᠢ᠌ᠨ᠎ᠠ ᠦᠨᠡᠨ ᠳᠤᠷᠠᠯᠠᠯ ᠮᠢᠨᠢ ᠰᠢᠷᠭᠢᠭᠦ ᠦᠭᠡᠶ᠃ ᠴᠢᠮ᠎ᠠ ᠳᠤ ᠵᠠᠪ ᠭᠠᠷᠪᠠᠯ ᠬᠠᠶᠠ ᠡᠷᠭᠢᠵᠤ᠂ ᠴᠢᠯᠠᠭᠤ ᠨᠠᠮᠠᠨ ᠪᠠᠢ᠌ᠭᠠᠷᠠᠢ︕ ᠭᠡᠵᠤ ᠪᠢ ᠳᠤᠭᠳᠤᠯᠤᠨ ᠭᠡᠯᠡᠭᠦ ᠳᠤ ᠠᠮᠢᠨ᠎ᠠ᠄

᠊᠊᠊᠊᠊᠊᠊᠊᠊᠊᠊᠊᠊᠊᠊ ᠬᠤᠷᠤᠭᠤ ᠶᠢᠨ ᠴᠢᠨᠡᠭᠡᠨ ᠮᠤᠳᠤᠨ ᠳᠤ ᠪᠦᠳᠦᠷᠢᠳᠡᠭ᠌ ᠬᠤᠪᠢ ᠵᠠᠶᠠᠭ᠎ᠠ ᠭᠡᠭ᠍ᠴᠢ ᠶᠠᠭᠠᠭᠢᠭᠰᠠᠨ ᠭᠡᠪᠠᠷᠡᠭ᠌ ᠪᠣᠢ ᠭᠡᠳ ᠰᠠᠨᠠᠭ᠎ᠠ ᠠᠯᠳᠠᠨ ᠠᠯᠳᠠᠨ ᠴᠢᠯᠠᠭᠤ ᠵᠥᠭᠡᠭᠡᠯ᠎ᠡ᠃

ᠭᠡᠨ ᠤ ᠬᠠᠷᠠᠴᠠᠨ ᠳᠤ ᠴᠤ ᠳᠤᠷᠬᠤ ᠦᠭᠡᠶ ᠨᠠᠮᠬᠠᠨ ᠮᠦᠷᠳᠡᠭᠡᠨ ᠵᠢᠵᠢᠭ᠍‍ᠬᠡᠨ ᠣᠪᠣᠭ᠎ᠠ ᠡ᠊ᠨᠳᠡ ᠪᠣᠰᠪᠠ᠃ ᠬᠠᠢ᠌ᠷ᠎ᠠ ᠳᠤᠷᠠᠯᠠᠯ ᠤᠨ ᠨᠢᠭᠡ ᠲᠤᠢ᠌ᠯ ᠨᠢ ᠵᠢᠷᠦᠭᠡᠨ ᠡᠴᠡ ᠣᠠᠳᠤᠷᠬᠤ ᠮᠥᠩᠭᠡ ᠶᠢᠨ ᠣᠰᠤᠨ ᠪᠠᠢ᠌ᠳᠠᠭ ᠪᠣᠯ ᠨᠥᠭᠦᠭᠡ ᠨᠢᠭᠡ ᠲᠤᠢ᠌ᠯ ᠨᠢ ᠮᠦᠷᠦᠭᠡᠳᠦᠯ ᠳᠤ ᠴᠠᠯᠭᠢᠬᠤ ᠢᠠᠵᠠᠭᠠᠨ ᠬᠤᠩᠭ᠋ᠤᠷ ᠳᠤᠷᠠᠳᠬᠠᠯ ᠭᠡᠳᠡᠭ᠌ ᠢ ᠡᠨᠡ ᠣᠪᠣᠭ᠎ᠠ ᠬᠤᠵᠢᠮ ᠭᠦᠮᠦᠰ ᠲᠤ ᠵᠢᠭᠠᠬᠤ ᠪᠠᠢ᠌ᠬ᠎ᠠ ᠳ᠋ᠠ᠃ ᠣᠪᠣᠭ᠎ᠠ ᠪᠠᠨ ᠪᠣᠰᠬᠠᠴᠢᠬᠠᠭᠠᠤᠨ ᠠᠮᠢᠨ᠎ᠠ ᠪᠢᠳᠠ ᠬᠤᠶᠠᠷ ᠭᠡᠨ ᠭᠡᠨ ᠨᠢ ᠰᠡᠳᠭᠢᠯ ᠭᠦᠡᠳᠦᠭᠡᠨ ᠪᠣᠴᠠᠵᠤ ᠪᠢᠯᠠ᠃

ᠭᠡᠷᠡᠭ᠌ ᠶᠠᠪᠣᠳᠠᠯ ᠭᠡᠭ᠍ᠴᠢ ᠭᠡᠵᠢᠶᠡᠳᠡ ᠭᠦᠮᠤᠨ ᠤ ᠰᠠᠨᠠᠭᠠᠨ ᠡᠴᠡ ᠳᠡᠷᠰᠯᠡᠭᠡᠳ ᠪᠠᠢ᠌ᠬᠤ ᠶᠤᠮ᠃ ᠠᠰᠬᠠᠨ ᠨᠢ ᠪᠢ ᠰᠤᠷᠭᠠᠭᠤᠯᠢ ᠳᠠᠭᠠᠨ ᠬᠠᠷᠢᠭᠠᠤᠨ ᠭᠦᠷᠭᠦ ᠳᠤ ᠰᠤᠮ᠎ᠠ ᠡᠭᠡᠴᠢ ᠬᠤᠯᠠ ᠡᠴᠡ ᠳᠤᠰᠴᠤ ᠢᠷᠡᠭᠡᠳ ᠮᠢᠨᠤ ᠠᠵᠢᠯ ᠰᠢᠯᠵᠢᠭ᠍ᠰᠡᠨ ᠭᠠᠷ ᠭᠦᠢᠴᠡᠳᠭᠡᠯ ᠢ ᠭᠠᠷᠳᠠᠭᠤᠯᠤᠭᠠᠤᠨ 《ᠡ᠊ᠨᠳᠡ ᠢᠷᠡᠭᠦᠯᠦᠭ᠍ᠰᠡᠨ ᠰᠠᠢ᠌ᠨ ᠪᠠᠭᠰᠢ ᠪᠠᠨ ᠵᠢᠯ ᠴᠤ ᠪᠣᠯᠭᠠᠯ ᠦᠭᠡᠶ ᠠᠪᠣᠭᠠᠤᠨ ᠶᠠᠪᠣᠴᠢᠬᠠᠬᠤ ᠶᠤᠮ ᠴᠢᠨᠢ ᠡᠨᠡ ᠮᠠᠭᠤ ᠰᠤᠷᠭᠠᠭᠤᠯᠢ ᠭᠡᠴᠢᠨᠡᠨ ᠣᠳᠠᠭᠠᠨ ᠳᠡᠰᠭᠦ ᠶᠤᠮ︖》 ᠭᠡᠳ ᠳᠠᠭᠤ ᠨᠢ ᠳᠠᠰᠤᠷᠠᠯ ᠦᠭᠡᠶ ᠭᠠᠰᠠᠯᠤᠨ ᠪᠠᠢ᠌ᠪᠠ᠃

ᠶᠠᠪᠣᠬᠤ ᠭᠡᠵᠤ ᠡᠳᠦᠷ ᠰᠦᠨᠢ ᠦᠭᠡᠶ ᠥᠡᠳᠡᠯᠵᠡᠭᠡᠳ ᠪᠠᠢ᠌ᠭᠰᠠᠨ ᠭᠦᠮᠤᠨ ᠳᠤ ᠳᠡᠭ᠍ᠷᠢ ᠡᠴᠡ ᠣᠨᠠᠭᠰᠠᠨ ᠰᠢᠭ ᠰᠠᠢ᠌ᠬᠠᠨ ᠲᠤᠬᠢᠶᠠᠯ ᠭᠦᠷᠦᠭᠡᠳ ᠢᠷᠡᠭᠦ ᠳᠤ ᠬᠠᠷᠢᠨ ᠡᠷᠭᠢᠭᠡᠳ ᠵᠤᠪᠠᠬᠤ ᠪᠣᠯᠴᠢᠬᠠᠪᠠ᠃ ᠪᠠᠷᠤᠭ ᠵᠢᠯ ᠰᠢᠬᠠᠮ ᠠᠵᠢᠯᠯᠠᠵᠤ ᠠᠯᠪᠠᠯᠠᠨ ᠬᠤᠷᠭᠤᠳᠠᠭᠰᠠᠨ ᠪᠠᠢ᠌ᠷᠢᠨ ᠭᠡᠷ᠂ ᠳᠠᠩᠭᠢᠮ᠂ ᠰᠤᠷᠭᠠᠭᠤᠯᠢ ᠶᠢᠨ ᠭᠦᠷᠢᠶᠡᠨ ᠡᠴᠡ ᠰᠠᠯᠵᠤ ᠶᠠᠳᠠᠨ᠎ᠠ᠃ ᠨᠠᠩ ᠴᠤ ᠡᠭᠡ ᠭᠡᠯᠡ ᠪᠠᠷ ᠶᠢᠡᠨ ᠡᠷᠳᠡᠮ ᠰᠤᠷᠬᠤ ᠶᠢ ᠭᠦᠰᠡᠭᠡ ᠦᠯᠤᠨ ᠨᠢᠳᠤ ᠲᠡᠶ ᠰᠤᠷᠤᠭᠴᠢᠳ ᠡᠴᠡ ᠪᠠᠨ ᠰᠠᠯᠵᠤ ᠶᠠᠳᠠᠨ᠎ᠠ᠃ ᠮᠢᠨᠤ ᠶᠠᠪᠣᠬᠤ ᠭᠡᠰᠡᠨ ᠢ ᠰᠤᠨᠤᠰᠤᠭ᠎ᠠ ᠪᠢᠵᠠ᠂ ᠨᠠᠳᠠ ᠪᠠᠷ ᠰᠢᠭᠦᠮᠵᠢᠯᠡᠭᠦᠯᠵᠤ ᠮᠠᠭᠳᠠᠭᠤᠯᠵᠤ᠂ ᠪᠠᠰᠠ ᠭᠦᠯ ᠶᠢᠡᠨ ᠴᠢᠯᠠᠳᠠᠯ᠎ᠠ ᠵᠤᠭᠰᠤᠭᠠᠯᠭᠠᠵᠤ ᠪᠠᠢ᠌ᠭᠰᠠᠨ ᠬᠡᠦᠬᠡᠳ ᠤᠳ ᠮᠠᠭᠤ ᠵᠢᠰᠤᠯᠠᠨ ᠪᠠᠢ᠌ᠷᠢ ᠶᠢᠨ ᠡᠭᠦᠳᠡ ᠪᠠᠷ ᠡᠷᠭᠢᠴᠡᠨ ᠥᠩᠭᠡᠯᠵᠡᠵᠤ᠂ ᠶᠠᠭᠤ ᠨᠢᠭᠡᠨ ᠳᠤ ᠬᠤᠷᠭᠤᠳᠠᠨ ᠪᠠᠢ᠌ᠯ᠎ᠠ᠃ ᠡᠵᠡᠭᠦᠢ ᠭᠠᠵᠠᠷ ᠰᠤᠶᠤᠯ ᠤᠨ ᠮᠦᠷ ᠭᠦᠭᠡᠭᠡ ᠡᠳᠡᠭᠡᠷ ᠬᠡᠦᠬᠡᠳ ᠤᠳ ᠡᠭᠦᠪᠠᠷ ᠥᠩᠭᠡᠷᠡᠭᠦ ᠳᠡᠷᠭᠡ ᠶᠢ ᠪᠣᠯᠪᠠᠴᠤ ᠪᠠᠷ᠎ᠠ ᠪᠠᠷ ᠨᠢ ᠳᠠᠭᠤᠯᠴᠠᠨ ᠰᠣᠢ᠌ᠤᠨ ᠪᠣᠯᠳᠠᠭ ᠪᠠᠢ᠌ᠬᠤ ᠳᠤ ᠭᠡᠳᠤᠨ ᠰᠠᠷ᠎ᠠ ᠪᠠᠭᠰᠢᠯᠠᠭᠰᠠᠨ ᠪᠠᠭᠰᠢ ᠲᠡᠶ ᠪᠠᠨ ᠢᠵᠢᠯᠢᠰᠢᠨ ᠳᠠᠰᠬᠤ ᠨᠢ ᠵᠦᠪ ᠪᠢᠵᠠ᠃ ᠳᠡᠭᠡᠭᠡᠳ ᠡᠨᠡ ᠭᠠᠵᠠᠷ ᠡᠴᠡ ᠢᠩᠭᠡᠭᠡᠳ ᠶᠠᠪᠣᠳᠠᠭ ᠪᠠᠢ᠌ᠵᠤ ᠭᠡᠵᠤ ᠪᠣᠳᠤᠬᠤᠯᠠᠷ ᠭᠡᠨ ᠴᠤ ᠳᠠᠭᠠᠵᠤ ᠣᠯᠤᠰᠢ ᠦᠭᠡᠶ ᠭᠡᠢ ᠰᠠᠨᠠᠭᠠᠰᠢᠷᠠᠯ ᠪᠣᠳᠤᠯ ᠰᠡᠳᠭᠢᠯ ᠤᠨ ᠭᠦᠨ ᠳᠤ ᠨᠢᠭᠤᠭᠳᠠᠨ ᠪᠠᠢ᠌ᠯ᠎ᠠ᠃ ᠶᠠᠭᠤ ᠪᠣᠯᠤᠭᠰᠠᠨ ᠴᠤ ᠠᠮᠢᠨ᠎ᠠ ᠲᠡᠶ ᠪᠠᠨ ᠨᠢᠭᠡ ᠠᠭᠤᠯᠵᠠᠭᠠᠤᠨ ᠭᠠᠷᠬᠤ ᠨᠢ ᠮᠦᠨ ᠪᠣᠯᠬᠤ ᠪᠠᠷ ᠭᠡᠷ ᠣᠷᠤᠭᠤ ᠨᠢ ᠨᠢᠰᠭᠡᠪᠡ᠃

ᠮᠢᠨᠤ ᠶᠠᠪᠣᠬᠤ ᠭᠡᠳᠡᠭ᠌ ᠢ ᠰᠤᠨᠤᠰᠤᠭᠠᠤᠨ ᠬᠤᠨᠤᠭ ᠶᠢᠡᠨ ᠭᠢᠭᠦ ᠪᠠᠷ ᠶᠠᠭᠠᠷᠠᠵᠤ ᠪᠠᠢ᠌ᠭᠰᠠᠨ ᠠᠮᠢᠨ᠎ᠠ ᠶᠢᠨ ᠳᠤᠩᠭ᠋ᠠᠯᠠᠭ ᠴᠢᠷᠠᠢ ᠳᠤ ᠮᠠᠨᠠᠨ ᠪᠠᠭᠤᠨ ᠨᠢᠳᠤᠨ ᠳᠤ ᠨᠢ ᠨᠢᠯᠪᠣᠰᠤ ᠬᠤᠷᠠᠨ ᠢᠷᠠᠵᠤ ᠳᠤᠷᠤᠭᠰᠢ ᠬᠠᠷᠠᠬᠤ ᠳᠤ ᠦᠪᠡᠷ ᠤᠨ ᠡᠷᠭᠡ ᠦᠭᠡᠶ ᠨᠤᠬᠤᠭᠰᠠᠨ ᠭᠤᠯᠢᠷ ᠳᠡᠭᠡᠷ᠎ᠡ ᠨᠢ ᠳᠤᠰᠴᠠᠢ᠃ ᠣᠳᠠᠭᠠᠨ ᠡᠳᠦᠷ ᠰᠡᠳᠭᠢᠯ ᠳᠡᠭᠡᠨ ᠬᠠᠳᠠᠭᠠᠯᠠᠵᠤ ᠶᠠᠪᠣᠭᠰᠠᠨ ᠬᠠᠢ᠌ᠷ᠎ᠠ ᠶᠢᠨ ᠰᠤᠪᠣᠤᠨ ᠨᠢ ᠦᠶᠡᠷ ᠪᠣᠯᠤᠨ ᠭᠠᠳᠠᠭᠰᠢ ᠣᠷᠤᠰᠴᠤ ᠪᠠᠢ᠌ᠭ᠎ᠠ ᠶᠢ ᠪᠢ ᠵᠢᠷᠦᠭᠡ ᠪᠠᠷ ᠶᠢᠡᠨ ᠮᠠᠳᠠᠷᠠᠯ᠎ᠠ᠃ ᠠᠮᠢᠳᠤᠷᠠᠯ ᠳᠤ ᠬᠠᠢ᠌ᠷ᠎ᠠ ᠳᠤᠷᠠᠯᠠᠯ ᠰᠢᠭ ᠠᠮᠳᠠᠳᠠᠢ ᠵᠢᠮᠢᠰ ᠪᠠᠢ᠌ᠬᠤ ᠦᠭᠡᠶ᠂ ᠪᠠᠰᠠ ᠡᠭᠦᠨ ᠰᠢᠭ᠌ ᠭᠠᠰᠢᠭᠤᠨ ᠵᠢᠮᠢᠰ ᠴᠤ ᠪᠠᠢ᠌ᠳᠠᠭ ᠦᠭᠡᠶ ᠪᠢᠯᠠ︕

ᠬᠤᠭᠤᠯᠠᠨ ᠤ ᠳᠠᠷᠠᠭ᠎ᠠ ᠭᠡᠳᠦᠭᠦᠯᠡ ᠪᠠᠨ ᠡᠨᠡ ᠳᠠᠷᠠ ᠶᠢ ᠰᠤᠯᠠ ᠵᠠᠩᠭᠢᠴᠠᠨ ᠨᠠᠯᠢᠶᠠᠤᠨ ᠰᠠᠭᠤᠭᠰᠠᠨ ᠪᠣᠯᠪᠠᠴᠤ ᠪᠦᠭᠦᠳᠡ ᠶᠢᠨ ᠪᠠᠭᠠᠯᠵᠤᠤᠷ ᠳᠡᠭᠡᠷ᠎ᠡ ᠪᠦᠭᠦᠯᠢ ᠬᠠᠷ᠎ᠠ ᠶᠠᠭᠤᠮ᠎ᠠ ᠪᠦᠭᠯᠡᠭᠡᠰᠤ ᠪᠣᠯᠤᠨ ᠳᠡᠭᠡᠭᠡᠭ᠍ᠯᠡᠵᠤ᠂ ᠥᠭᠡ ᠵᠠᠩᠭᠢ ᠴᠤ ᠶᠠᠪᠣᠭᠤᠷᠢ ᠦᠭᠡᠶ ᠪᠣᠯᠬᠤᠷ ᠡᠷᠳᠡᠭᠡᠨ ᠳᠠᠷ᠎ᠠ ᠳᠤᠯᠤᠭᠠᠢ ᠨᠡᠢ᠌ᠯᠡᠭᠦᠯᠦᠯ᠎ᠡ᠃ ᠵᠥᠭᠡᠷ ᠲᠤ ᠨᠠᠳᠠ ᠡᠴᠡ ᠵᠠᠢ᠌ᠳᠠᠭᠠᠤᠨ ᠪᠠᠢ᠌ᠳᠠᠭ ᠠᠮᠢᠨ᠎ᠠ ᠡᠨᠡ ᠣᠷᠤᠢ ᠬᠠᠷᠢᠨ ᠰᠠᠨᠠᠭ᠎ᠠ ᠲᠡᠶ ᠪᠠᠷ ᠨᠠᠳᠠ ᠲᠡᠶ ᠳᠤᠯᠤᠭᠠᠢ ᠪᠠᠨ ᠮᠦᠷᠭᠦᠭᠦᠯᠤᠨ ᠭᠡᠪᠳᠡᠵᠡᠢ᠃ ᠭᠡᠷ ᠳᠤᠳᠤᠷ᠎ᠠ ᠴᠠᠭᠠᠰᠤ ᠭᠡᠢ᠌ᠰᠦᠭ᠍ᠰᠡᠨ ᠴᠤ ᠰᠤᠨᠤᠰᠳᠠᠮᠠᠷ ᠨᠠᠮ ᠵᠢᠮ᠃ ᠠᠮᠢᠨ᠎ᠠ ᠶᠢᠨ ᠨᠣᠢ᠌ᠷ ᠨᠢ ᠭᠦᠷᠭᠦ ᠦᠭᠡᠶ ᠪᠣᠯᠤᠯᠳᠠᠢ ᠣᠷᠤᠨ ᠳᠤᠳᠤᠷ᠎ᠠ ᠪᠠᠨ ᠨᠠᠰᠢ ᠴᠠᠰᠢ ᠭᠦᠷᠪᠠᠨ᠎ᠡ᠃ ᠪᠢ ᠭᠡᠷᠪᠡ ᠭᠠᠷ ᠶᠢᠡᠨ ᠰᠤᠩᠭ᠋ᠠᠪᠠᠯ ᠳᠡᠭᠦᠨ ᠤ ᠭᠤᠨᠠᠭᠠᠷ ᠴᠠᠭᠠᠨ ᠭᠦᠵᠦᠭᠦᠤ᠂ ᠵᠢᠩᠨᠡᠭᠡᠳ ᠭᠠᠷᠭᠠᠭᠰᠠᠨ ᠮᠠᠠᠳᠠᠤ ᠠᠳᠠᠯᠢ ᠵᠥᠭᠡᠯᠡᠨ ᠭᠦᠭᠦᠨ ᠡᠴᠡ ᠳᠡᠮᠳᠡᠷᠢᠭᠡᠳ ᠠᠪᠬᠤ ᠳᠤ ᠪᠠᠯᠡᠭᠡᠨ᠃ ᠭᠡᠭᠦ ᠳᠤ ᠴᠠᠭᠠᠨ᠎ᠠ ᠪᠠᠨ ᠪᠦᠳᠦᠭᠦ ᠬᠤᠪᠢ ᠦᠭᠡᠶ ᠪᠣᠯ ᠪᠦᠳᠦᠮᠡᠷ ᠪᠠᠢ᠌ᠭᠰᠠᠨ ᠭᠡᠷᠡᠭ᠌ ᠴᠤ ᠪᠣᠳᠠᠷᠠᠬᠤ ᠳᠠᠰᠢ ᠪᠠᠨ ᠬᠠᠵᠠᠢ᠌ᠭᠠᠤᠨ ᠪᠠᠢ᠌ᠳᠠᠭ ᠭᠦᠮᠤᠨ ᠤ ᠠᠮᠢᠳᠤᠷᠠᠯ ᠤᠨ ᠨᠢᠮᠭᠡᠨ ᠵᠠᠶᠠᠭᠠᠨ ᠳᠤ ᠵᠤᠷᠢᠭ ᠬᠤᠭᠤᠷᠠᠵᠤ᠂ ᠰᠡᠳᠭᠢᠯ ᠴᠥᠭᠦᠷᠡᠨ᠎ᠡ᠃ ᠭᠡᠷᠪᠡ ᠬᠤᠪᠢ ᠵᠠᠶᠠᠭ᠎ᠠ ᠪᠠᠨ ᠣᠭᠤᠰᠤᠷᠯᠠᠵᠤ ᠪᠣᠯᠳᠠᠭ ᠪᠣᠯ ᠣᠭᠤᠰᠤᠷᠯᠠᠭᠠᠤᠨ ᠣᠶᠠᠴᠢᠬᠠᠮᠠᠷ᠃ ᠠᠮᠢᠨ᠎ᠠ ᠵᠢᠷᠦᠭᠡᠨ ᠳᠤ ᠨᠢ ᠨᠢᠭᠡᠨᠲᠡ ᠭᠦᠪᠦᠷᠡᠵᠤ ᠡᠭᠢᠯᠡᠭ᠍ᠰᠡᠨ ᠬᠠᠢ᠌ᠷ᠎ᠠ ᠳᠤᠷᠠᠯᠠᠯ ᠶᠢᠡᠨ ᠭᠠᠳᠠᠭᠰᠢ ᠭᠠᠷᠭᠠᠬᠤ ᠦᠭᠡᠶ ᠳᠤᠳᠤᠷ᠎ᠠ ᠪᠠᠨ ᠨᠢᠭᠤᠭᠠᠤᠨ ᠶᠠᠪᠣᠳᠠᠭ ᠤᠨ ᠴᠠᠭᠠᠳᠤ ᠨᠢᠭᠤᠴᠠ ᠶᠢ ᠪᠢ ᠮᠠᠳᠠᠨ᠎ᠠ᠃ ᠬᠤᠪᠢ ᠵᠠᠶᠠᠭ᠎ᠠ ᠪᠠᠨ ᠦᠪᠡᠷ ᠤᠨ ᠨᠢᠳᠤ ᠪᠠᠷ ᠯᠠ ᠬᠠᠷᠠᠵᠤ᠂ ᠨᠢᠳᠤᠯᠠᠵᠤ ᠡᠭᠢᠯᠡᠭᠡ ᠭᠡᠦᠭᠡᠨ ᠳᠤᠷᠠᠯᠠᠯ ᠶᠢᠡᠨ ᠭᠡᠭᠡᠷ᠎ᠡ ᠶᠢᠨ ᠰᠠᠯᠭᠢᠨ ᠳᠤ ᠭᠡᠢ᠌ᠰᠭᠡᠭᠦ ᠡᠴᠡ ᠪᠠᠨ ᠵᠤᠪᠠᠵᠤ ᠪᠠᠢ᠌ᠨ᠎ᠠ᠃ ᠡᠨᠡ ᠴᠤ ᠠᠷᠭ᠎ᠠ ᠦᠭᠡᠶ ᠡ᠂ ᠠᠯᠢ ᠨᠢᠭᠡ ᠣᠬᠠᠭᠠᠨ ᠳᠤᠠᠳᠠᠭᠤᠷ ᠭᠡᠦᠭᠡᠨ ᠨᠢ ᠬᠠᠢ᠌ᠷ᠎ᠠ ᠳᠤᠷᠠᠯᠠᠯ ᠶᠢᠡᠨ ᠬᠠᠳᠠᠭᠠᠰᠤᠨ ᠥᠵᠦᠭᠦᠷ ᠳᠡᠭᠡᠷ᠎ᠡ ᠳᠤᠭᠳᠠᠭᠠᠬᠤ ᠭᠡᠵᠤ ᠵᠢᠦᠡᠭᠦᠭᠦ ᠪᠢᠯᠠ ⁈

ᠠᠮᠢᠨ᠎ᠠ ᠪᠠᠰᠠ ᠰᠠᠨᠠᠭ᠎ᠠ ᠠᠯᠳᠠᠨ ᠡᠷᠭᠢᠪᠡ᠃ ᠬᠠᠢ᠌ᠷᠠᠯᠠᠵᠤ ᠳᠤᠭᠤᠭᠰᠠᠨ ᠭᠡᠦᠭᠡᠨ ᠶᠢᠡᠨ ᠢᠩᠭᠢᠵᠤ ᠶᠠᠭᠠᠭᠢᠵᠤ ᠴᠤ ᠴᠢᠳᠠᠯ ᠦᠭᠡᠶ ᠬᠤᠭᠤᠰᠤᠨ ᠣᠷᠭᠢᠭᠠᠤᠨ ᠭᠠᠷᠬᠤ ᠨᠢ ᠰᠡᠳᠭᠢᠯ ᠳᠤ ᠭᠦᠷᠭᠦ ᠦᠭᠡᠶ ᠪᠣᠯᠬᠤᠷ ᠪᠠᠶ᠎ᠠ ᠳᠡᠭᠡᠨ ᠮᠤᠬᠤᠷ ᠵᠤᠷᠢᠭ ᠦᠭ‍ᠭᠦᠭᠡᠳ ᠠᠮᠢᠨ᠎ᠠ ᠶᠢᠨ ᠡᠪᠦᠷ ᠣᠷᠤᠭᠤ ᠭᠠᠷ ᠶᠢᠡᠨ ᠶᠠᠪᠣᠭᠤᠯᠤᠯ᠎ᠠ᠃ ᠠᠮᠢᠨ᠎ᠠ ᠰᠤᠴᠢᠨ ᠴᠡᠴᠡᠷᠡᠰᠭᠡᠵᠤ᠂ ᠭᠠᠷ ᠡᠴᠡ ᠭᠡᠳᠡᠷᠭᠦ ᠲᠦᠯᠭᠢᠭᠦ ᠰᠢᠭ᠌ ᠪᠣᠯᠤᠭᠰᠠᠨ ᠶᠢᠡᠨ ᠳᠠᠭᠢᠨ ᠠᠪᠠᠴᠢᠭᠠᠤᠨ ᠬᠠᠴᠠᠷ ᠳᠡᠭᠡᠷ᠎ᠡ ᠪᠠᠨ ᠨᠠᠭᠠᠪᠠ᠃ ᠳᠤᠷᠭ᠎ᠠ ᠰᠢᠭ ᠵᠥᠭᠡᠯᠡᠨ ᠬᠠᠴᠠᠷ ᠢ ᠨᠢ ᠢᠯᠪᠢᠨ ᠪᠠᠢ᠌ᠳᠠᠯ᠎ᠠ ᠬᠤᠷᠤᠭᠤᠨ ᠤ ᠥᠡᠳᠡᠭᠡᠨ ᠳᠤ ᠰᠢᠩᠭᠡᠨ ᠶᠠᠭᠤᠮ᠎ᠠ ᠳᠡᠮᠳᠡᠷᠡᠭ᠍ᠳᠡᠨ᠎ᠡ᠃ ᠪᠠᠷᠤᠭ ᠨᠢᠯᠪᠣᠰᠤ ᠪᠠᠢ᠌ᠬ᠎ᠠ ᠭᠡᠵᠤ ᠪᠢ ᠳᠤᠳᠤᠷ᠎ᠠ ᠪᠠᠨ ᠳᠠᠭᠠᠮᠠᠭᠯᠠᠯ᠎ᠠ᠃ ᠪᠢᠳᠠ ᠬᠤᠶᠠᠷ ᠢᠩᠭᠢᠵᠤ ᠵᠥᠪᠭᠡᠨ ᠭᠠᠳᠠᠷ ᠮᠠᠳᠠᠷᠠᠯ ᠶᠢᠡᠷ ᠶᠢᠡᠨ ᠳᠠᠮᠵᠢᠨ ᠰᠡᠳᠭᠢᠯ ᠬᠠᠢ᠌ᠷ᠎ᠠ ᠶᠢᠨ ᠳᠤᠭᠳᠤᠯᠤᠯ ᠶᠢᠡᠨ ᠭᠡᠴᠢᠨᠡᠨ ᠣᠳᠠᠭᠠᠨ ᠴᠢᠩᠨᠠᠵᠤ ᠭᠡᠪᠳᠡᠭ᠍ᠰᠡᠨ ᠢ ᠪᠣᠤ ᠮᠠᠳᠠ︕ ᠠᠮᠢᠨ᠎ᠠ ᠮᠢᠨᠤ ᠠᠯᠠᠭ᠎ᠠ ᠶᠢ ᠬᠠᠴᠠᠷ ᠳᠤᠤᠷ᠎ᠠ ᠪᠠᠨ ᠳᠠᠪᠢᠰᠤᠨ ᠰᠠᠨᠠᠭ᠎ᠠ ᠨᠢ ᠠᠮᠠᠷᠠᠭ᠎ᠠ ᠶᠤᠮ ᠰᠢᠭ ᠦᠷᠭᠡᠯᠡᠵᠤ ᠡᠭᠢᠯᠡᠭᠦ ᠳᠤ ᠮᠢᠨᠤ ᠪᠠᠶ᠎ᠠ ᠰᠡᠳᠭᠢᠯ ᠴᠤ ᠳᠠᠯᠪᠢᠭᠤᠷᠠᠨ ᠳᠤᠳᠤᠷ᠎ᠠ ᠨᠢᠭᠡ ᠯᠠ ᠠᠭᠤᠵᠢᠷᠠᠭᠠᠤᠨ ᠣᠠᠳᠠᠭᠠᠤᠨ ᠥᠭ᠍ᠴᠡᠢ᠃ ᠭᠡᠨᠡᠳᠲᠡ ᠭᠠᠷ ᠡᠴᠡ ᠣᠭᠵᠠᠷᠠᠨ ᠳᠠᠳᠠᠬᠤ ᠰᠢᠭ ᠪᠣᠯᠬᠤ ᠳᠤ ᠰᠤᠴᠢᠨ ᠰᠠᠷᠠᠪᠠᠯ ᠭᠡᠳᠥᠢᠨᠡᠢ ᠦᠣᠷ ᠴᠠᠢ᠌ᠭᠠᠤᠨ ᠠᠮᠢᠨ᠎ᠠ ᠮᠢᠨᠤ ᠠᠯᠠᠭᠠᠨ ᠳᠡᠭᠡᠷ᠎ᠡ ᠴᠤᠯᠤ ᠮᠦᠩᠭᠦᠨ ᠪᠦᠭᠡᠵᠢ ᠪᠠᠨ ᠳᠠᠯᠪᠢᠭᠠᠤᠨ ᠰᠡᠮᠡᠭᠡᠷᠭᠡᠨ ᠪᠣᠰᠤᠨ ᠭᠠᠷᠴᠠᠢ ᠁

ᠨᠠᠳᠠ ᠶᠢ ᠡᠯᠡᠰᠦᠳᠡᠢ ᠰᠤᠷᠭᠠᠭᠤᠯᠢ ᠡᠴᠡ ᠮᠤᠷᠳᠠᠬᠤ ᠳᠤ ᠨᠢᠯᠪᠣᠰᠤᠨ ᠳᠠᠭᠠᠨ ᠳᠡᠪᠳᠦᠭ᠍ᠰᠡᠨ ᠰᠤᠮ᠎ᠠ ᠡᠭᠡᠴᠢ ᠬᠤᠷᠢᠭᠠᠤᠨ ᠰᠤᠷᠤᠭᠴᠢ ᠲᠡᠶ ᠪᠠᠨ ᠦᠳᠡᠨ ᠭᠠᠷᠭᠠᠵᠤ ᠵᠠᠮ ᠳᠤ ᠣᠷᠤᠭᠤᠯᠤᠯ᠎ᠠ᠃ ᠭᠡᠰᠡᠭ᠌ ᠶᠠᠪᠣᠭᠠᠤᠨ ᠠᠷᠤ ᠳᠠᠭᠠᠨ ᠬᠠᠷᠠᠪᠠᠯ ᠠᠮᠢᠨ᠎ᠠ ᠶᠢᠨ ᠮᠢᠨᠢ ᠦᠨᠦᠴᠢᠨ ᠪᠠᠷ᠎ᠠ ᠪᠣᠯᠵᠤᠭ᠎ᠠ ᠪᠦᠭᠡᠷᠡᠭ᠌ ᠳᠡᠭᠡᠷ᠎ᠡ ᠦᠨᠦᠴᠢᠷᠠᠨ ᠦᠯᠠᠳᠠᠪᠠ᠃ ᠶᠠᠭᠤᠨ ᠳᠤ ᠡᠨᠡ ᠨᠤᠳᠤᠭ ᠡᠴᠡ ᠡᠢ᠌ᠮᠤ ᠬᠤᠷᠳᠤᠨ ᠶᠠᠪᠣᠭ᠎ᠠ ᠪᠢᠯᠠ︖ ᠭᠡᠵᠤ ᠪᠣᠳᠤᠬᠤ ᠳᠤ ᠬᠠᠮᠤᠭ ᠤᠨ ᠦᠨ᠎ᠡ ᠲᠡᠶ ᠶᠠᠭᠤᠮ᠎ᠠ ᠪᠠᠨ ᠡ᠊ᠨᠳᠡ ᠮᠠᠷᠳᠠᠭ᠎ᠠ ᠶᠤᠮ ᠰᠢᠭ ᠣᠢ ᠣᠬᠠᠭᠠᠨ ᠤ ᠬᠤᠭᠤᠰᠤᠷᠠᠯ ᠳᠤ ᠠᠪᠳᠠᠨ ᠣᠶᠤᠨ ᠮᠠᠳᠠᠷᠠᠯ ᠤᠨ ᠦᠨᠦᠴᠢᠷᠠᠯ ᠳᠤ ᠣᠨᠠᠵᠤ᠂ ᠡᠨᠡ ᠨᠤᠳᠤᠭ ᠤᠨ ᠵᠠᠬ᠎ᠠ ᠡᠴᠡ ᠭᠠᠷᠤᠨ ᠭᠠᠷᠳᠠᠯ᠎ᠠ ᠪᠣᠳᠤᠯ ᠰᠡᠳᠭᠢᠯ ᠤᠨ ᠵᠠᠳᠠᠭᠠᠢ ᠬᠠᠷᠠᠮᠰᠠᠯ ᠳᠤ ᠳᠤᠨᠤᠵᠤ ᠶᠠᠪᠣᠯ᠎ᠠ ᠁

ᠡᠨᠡ ᠨᠤᠳᠤᠭ ᠲᠤ ᠡᠷᠭᠢᠵᠤ ᠢᠷᠡᠭᠦ ᠬᠤᠪᠢ ᠢᠷᠦᠭᠡᠯ ᠪᠠᠢ᠌ᠳᠠᠭ ᠪᠣᠯ ᠡ ⁈


ᠵᠤᠬᠢᠶᠠᠭᠴᠢ ᠶᠢᠨ ᠬᠠᠶ‍ᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 9210
ᠴᠠᠭ᠄ 2010 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ