☆ ᠡᠰᠨᠢᠯ
ᠰᠡᠳᠭᠢᠯ ᠤᠨ ᠴᠤᠤᠷᠢᠶ᠎ᠠ
ᠠᠷᠠᠢ ᠵᠦᠳᠡᠭᠦᠤ ᠭᠡᠵᠤ ᠶᠠᠷᠢᠨ᠎ᠠ
ᠡᠷᠭᠦᠭ᠍ᠰᠡᠨ ᠤ ᠭᠢ
ᠠᠷᠳᠠᠭ ᠳᠤᠭᠰᠢᠨ ᠭᠡᠵᠤ ᠥᠭᠦᠯᠡᠨ᠎ᠡ
ᠬᠤᠷᠤᠰᠤᠭᠰᠠᠨ ᠤ ᠭᠢ
ᠠᠷᠢᠭᠢᠨ ᠳᠤ ᠰᠢᠨᠤᠬᠠᠢ ᠭᠡᠵᠤ ᠳᠠᠷᠬᠠᠭᠠᠨ᠎ᠠ
ᠰᠤᠷᠤᠭᠰᠠᠨ ᠤ ᠭᠢ
ᠠᠰᠪᠣᠷᠢ ᠴᠠᠭᠠᠪᠣᠷ ᠭᠡᠵᠤ ᠦᠨᠡᠯᠠᠨᠡ
ᠳᠦᠷᠦᠭ᠍ᠰᠡᠨ ᠤ ᠭᠢ
ᠡᠷᠳᠡᠮ ᠮᠡᠳᠡᠯᠭᠡ ᠲᠡᠶ ᠭᠡᠵᠤ ᠮᠠᠭᠳᠠᠨ᠎ᠠ
ᠡᠵᠡᠮᠰᠢᠭ᠍ᠰᠡᠨ ᠤ ᠭᠢ
ᠡᠯᠪᠠᠷᠢᠯ ᠵᠢᠷᠤᠮ ᠲᠡᠶ ᠭᠡᠵᠤ ᠰᠠᠢ᠌ᠰᠢᠶᠠᠨᠠ
ᠣᠯᠠᠮᠵᠢᠯᠠᠭᠰᠠᠨ ᠤ ᠭᠢ
ᠡᠷᠢᠶᠡᠨ ᠬᠤᠷᠸ᠎ᠠ ᠶᠢ ᠵᠢᠭ᠍ᠰᠢᠨ᠎ᠡ ᠭᠡᠨ᠎ᠡ
ᠡᠭ᠍ᠳᠡᠭᠦᠴᠡᠭ᠍ᠰᠡᠨ ᠤ ᠭᠢ
ᠡᠷᠭᠡ ᠵᠡᠷᠭᠡ ᠪᠠᠷ ᠬᠤᠮᠰᠠ ᠭᠡᠨ᠎ᠡ
ᠡ᠊ᠨᠳᠡᠭᠦᠷᠡᠭ᠍ᠰᠡᠨ ᠤ ᠭᠢ
ᠦᠨᠡᠨᠳᠡᠭᠡᠨ ᠪᠢ ᠡᠩ ᠤᠨ ᠭᠦᠮᠤᠨ
ᠳᠠᠶᠠᠭᠠᠷ ᠮᠠᠳᠠᠨ᠎ᠡ
ᠥᠩᠭᠡᠳᠤ ᠶᠢᠷᠳᠢᠠᠴᠤ ᠡᠴᠠ ᠣᠢ᠌ᠳᠤᠭᠰᠠᠨ ᠭᠦᠮᠤᠨ
ᠰᠡᠳᠭᠢᠯ ᠯᠠ ᠮᠠᠳᠠᠨ᠎ᠡ ︕
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2666
ᠴᠠᠭ᠄ 2012 ᠤᠨ ᠤ 12 ᠰᠠᠷ᠎ᠠ ᠶᠢᠨ 31
ᠨᠠᠢ᠌ᠷᠠᠭᠤᠯᠤᠭᠴᠢ᠄ ᠪᠦᠬᠡᠡᠷᠳᠡᠨᠢ