ᠨᠡᠪᠲᠡᠷᠡᠨ ᠤᠷᠤᠬᠤ
ᠪᠣᠭᠤᠷᠤᠯ ᠠᠢ᠌ᠯ ᠤᠳ ᠤᠨ ᠳᠤᠮᠤᠭ

ᠳ᠋ᠠᠩ ᠤᠨ ᠭᠤᠤᠯ ᠤᠨ ᠭᠦᠪᠠᠭᠡᠨ ᠳᠡᠭᠡᠷ᠎ᠡ

ᠳ᠋ᠠᠩ ᠴᠸᠩ ᠪᠠᠯᠭᠠᠰᠤ ᠳᠤᠭᠳᠠᠬᠤ ᠡᠴᠡ ᠡᠮᠦᠨ᠎ᠡ

ᠲ᠋ᠡᠭᠡᠳᠤ ᠮᠤᠩᠭ᠋ᠤᠯ ᠭᠡᠳᠡᠭ᠌ ᠠᠯᠳᠠᠷ ᠳᠠᠢ

ᠲ᠋ᠡᠭᠡᠳᠤ ᠪᠠᠨ ᠳᠠᠭᠢᠳᠠᠭ ᠠᠷᠠᠠᠰᠢᠨ ᠳᠠᠢ

ᠳᠠᠠᠵᠢᠨ ᠠᠭᠤᠯᠠ ᠶᠢᠨ ᠬᠤᠷᠮᠤᠢ ᠪᠠᠷ ᠨᠡᠭᠦᠳᠡᠯᠯᠡᠨ

ᠲ᠋ᠤᠭᠳᠤᠷᠠᠪᠠᠯ ᠭᠦᠴᠤ ᠨᠢᠭᠡ

ᠪᠠᠳᠤ ᠵᠢᠷᠤᠮᠳᠤ ᠠᠷᠠᠤᠨ

ᠪᠠᠶᠡᠨ ᠲ᠋ᠡᠭᠦᠰ ᠠᠮᠢᠳᠤᠷᠠᠳᠠᠭ ᠪᠠᠢ᠌ᠵᠤ ᠭᠡᠨ᠎ᠡ᠃

ᠣᠰᠤᠨ ᠤ ᠳᠤᠩᠭ᠋ᠠᠯᠠᠭ ᠢ ᠰᠤᠩᠭ᠋ᠤᠨ

ᠡᠪᠠᠰᠤᠨ ᠤ ᠰᠤᠷᠭᠤᠭ ᠢ ᠰᠢᠯᠢᠨ ᠢᠳᠡᠰᠢᠯᠡᠳᠡᠭ᠌

ᠲ᠋ᠠᠪᠠ ᠪᠠᠷ ᠳᠦᠭᠦᠷᠡᠩ ᠴᠤᠬᠤᠷ ᠠᠳᠤᠭᠤ ᠳᠠᠢ

ᠲ᠋ᠠᠩᠳᠠᠨ ᠵᠢᠷᠤᠭ᠎ᠠ ᠠᠵᠢᠷᠭᠠᠨ ᠠᠳᠤᠭᠤ ᠳᠠᠢ

ᠲ᠋ᠠᠨ᠎ᠠ ᠮᠠᠨ᠎ᠠ ᠭᠢᠵᠤ ᠢᠯᠭᠠᠯ ᠦᠭᠡᠶ ᠡᠮᠨᠢᠭ᠌ ᠰᠤᠷᠭᠠᠳᠠᠭ

ᠲ᠋ᠠᠯ᠎ᠠ ᠶᠢᠨ ᠬᠠᠯᠠᠭᠤᠨ ᠡᠯᠢᠭᠡᠨ ᠳᠤ ᠰᠢᠭᠢᠳᠦᠭ᠍ᠰᠡᠨ

ᠭᠦᠳᠡᠭᠡ ᠶᠢᠨ ᠪᠣᠭᠤᠷᠤᠯ ᠠᠢ᠌ᠯ ᠤᠳ

ᠭᠦᠷᠰᠢ ᠵᠡᠷᠭᠡᠯᠳᠡᠭᠡ ᠰᠠᠭᠤᠯᠴᠠᠳᠠᠭ ᠪᠠᠢ᠌ᠵᠤ ᠭᠡᠨ᠎ᠡ᠃

ᠭᠡᠵᠢᠮ ᠳᠡᠭᠡᠰᠤᠨ ᠳᠡᠭᠡᠨ ᠴᠢᠭ᠍ᠳᠡ ᠳᠠᠢ

ᠭᠦᠭᠡ ᠦᠨᠢᠶᠠᠤᠨ ᠤᠨ ᠵᠠᠯ᠎ᠠ ᠲᠡᠶ

ᠦᠰᠦ ᠪᠠᠨ ᠵᠠᠢ᠌ᠯᠠᠬᠤ ᠳᠤ ᠳᠠᠭᠤᠨ ᠳᠠᠭᠠᠨ ᠣᠶᠠᠷᠠᠨ

ᠦᠨᠢᠶ᠎ᠡ ᠪᠠᠨ ᠢᠪᠢᠯᠭᠡᠭᠦ ᠳᠤ ᠳᠠᠭᠤᠤ ᠪᠠᠷ ᠣᠶᠠᠷᠠᠭᠤᠯᠳᠠᠭ ᠠᠢ᠌ᠯ ᠦᠳ ᠭᠡᠨ᠎ᠡ᠃

ᠢᠳᠡᠭᠡᠨ ᠤ ᠳᠡᠭᠡᠵᠢ ᠪᠠᠨ ᠭᠠᠯ ᠳ᠋ᠡᠭᠡᠨ ᠡᠷᠭᠦᠨ

ᠦᠷᠦᠮ᠎ᠡ ᠳᠤᠰᠤ ᠲᠡᠶ ᠴᠠᠢ ᠪᠠᠷ ᠪᠢᠯᠬᠠᠮ᠎ᠠ

ᠮᠤᠰᠭᠢᠵᠤ ᠣᠶᠠᠳᠠᠭ ᠴᠠᠭᠠᠨ ᠳᠠᠷᠠᠰᠤᠨ ᠡᠴᠡ

ᠮᠤᠷᠢ ᠪᠠᠨ ᠠᠷᠭᠠᠮᠵᠢᠶᠠᠯᠠᠳᠠᠭ ᠠᠢ᠌ᠯ ᠤᠳ ᠭᠡᠨ᠎ᠡ᠃

ᠠᠷᠢᠶᠠᠳᠠᠨ ᠠᠮᠢᠳᠠᠨ ᠢ ᠠᠶᠤᠯᠭᠠᠨ ᠭᠦᠭᠡᠭᠡᠳᠡᠭ᠌

ᠠᠷᠰᠯᠠᠨ ᠮᠠᠳᠤ ᠰᠥᠷᠡᠭᠡᠢ ᠭᠠᠷᠵᠢ ᠲᠡᠶ

ᠪᠣᠢ᠌ᠯᠭᠠᠨ ᠲᠡᠶ ᠴᠠᠭᠠᠨ ᠳᠡᠮᠡᠭᠡᠤᠨ

ᠪᠦᠷᠢᠯᠡᠵᠤ ᠢᠳᠡᠭᠦ ᠪᠣᠳᠠ ᠡᠪᠠᠰᠤ ᠲᠡᠶ ᠠᠢ᠌ᠯ ᠤᠳ ᠭᠡᠨ᠎ᠡ᠃

ᠲ᠋ᠤᠤᠯᠢ ᠬᠠᠢ᠌ᠯᠠᠨ ᠥᠯᠢᠭᠡᠷ ᠶᠠᠷᠢᠵᠤ

ᠲ᠋ᠤᠷᠨᠢᠬᠤ ᠨᠠᠰᠤᠨ ᠤ ᠭᠡᠦᠭᠡᠤᠨ ᠶᠢᠡᠨ ᠰᠤᠷᠭᠠᠳᠠᠭ

ᠰᠤᠷ ᠪᠠᠨ ᠵᠦᠰᠠᠵᠤ ᠨᠤᠭᠳᠤ ᠪᠠᠨ ᠭᠦᠷᠢᠳᠡᠭ᠌

ᠨᠤᠤᠰᠤ ᠪᠠᠨ ᠰᠠᠪᠠᠵᠤ ᠢᠰᠡᠭᠡᠢ ᠳᠠᠯᠪᠢᠳᠠᠭ ᠠᠢ᠌ᠯ ᠤᠳ ᠭᠡᠨ᠎ᠡ᠃

ᠵᠡᠭᠦᠨ ᠪᠠᠷᠠᠭᠤᠨ ᠭᠡᠢ᠌ᠤᠨ ᠳᠠᠢ

ᠵᠡᠭᠦᠳᠤᠨ ᠳᠡᠭᠡᠨ ᠭᠦᠨ ᠪᠢᠰᠢᠯᠭᠠᠯᠳᠠᠢ

ᠨᠠᠭᠤᠷ ᠶᠢᠡᠨ ᠳᠤᠭᠤᠷᠢᠨ ᠨᠤᠮ ᠡᠷᠭᠢᠭᠦᠯᠳᠡᠭ᠌

ᠨᠤᠳᠤᠭ ᠶᠢᠡᠨ ᠡᠷᠭᠢᠨ ᠨᠡᠭᠦᠳᠡᠯᠯᠡᠨ ᠮᠠᠯᠵᠢᠳᠠᠭ ᠠᠢ᠌ᠯ ᠤᠳ ᠭᠡᠨ᠎ᠡ᠃

ᠮᠡᠯᠮᠡᠷᠡᠭ᠍ᠰᠡᠨ ᠭᠤᠤᠯ ᠤᠨ ᠣᠰᠤ ᠵᠢ

ᠣᠷᠤᠰᠬᠠᠯ ᠳᠠᠰᠤᠷᠠᠳᠠᠯ᠎ᠠ ᠣᠤᠭᠤᠵᠤ

ᠠᠭᠤᠯᠠ ᠳᠠᠪᠠ ᠶᠢ ᠪᠦᠷᠭᠦᠨ ᠪᠠᠯᠴᠢᠳᠡᠭ᠌

ᠮᠢᠩᠭ᠋᠎ᠠ ᠮᠢᠩᠭ᠋ᠠᠨ ᠴᠠᠭᠠᠨ ᠬᠤᠨᠢᠳ ᠲᠡᠶ ᠠᠢ᠌ᠯ ᠤᠳ ᠭᠡᠨ᠎ᠡ᠃

ᠪᠣᠳᠠ ᠪᠣᠷᠭᠠᠰᠤ ᠪᠦᠭᠯᠡᠷᠡᠭ᠍ᠰᠡᠨ ᠪᠠᠯᠴᠢᠭᠡᠷ ᠳᠤ

ᠪᠣᠳᠠ ᠮᠠᠯ ᠣᠷᠤᠪᠠᠯ ᠬᠠᠷᠠᠭᠳᠠᠬᠤ ᠪᠠᠨ ᠪᠠᠢ᠌ᠴᠢᠬᠠᠳᠠᠭ

ᠲ᠋ᠠᠷᠠᠰᠤ ᠱᠠᠭᠱᠤᠤᠷᠭ᠎ᠠ ᠶᠢᠨ ᠬᠠᠯᠢᠭᠤᠷᠭᠠᠨ ᠳ᠋ᠤᠨᠢ

ᠲ᠋ᠡᠭᠡᠪᠦᠷ ᠴᠠᠭᠠᠨ ᠥᠷᠭᠦᠭᠡ ᠨᠢ ᠴᠤᠬᠣᠢ᠌ᠨ ᠬᠠᠷᠠᠭᠳᠠᠳᠠᠭ ᠠᠢ᠌ᠯ ᠤᠳ ᠭᠡᠨ᠎ᠡ

ᠲ᠋ᠠᠯ᠎ᠠ ᠳᠤ ᠣᠳᠤᠷᠯᠠᠭᠰᠠᠨ ᠪᠠᠯᠴᠢᠭᠡᠷ ᠳᠠᠢ

ᠲ᠋ᠠᠪᠤᠨ ᠬᠤᠰᠢᠭᠤ ᠮᠠᠯ ᠰᠥᠷᠦᠭ᠌ ᠳᠠᠢ

ᠲ᠋ᠠᠢ᠌ᠪᠣᠩ ᠠᠮᠤᠭᠤᠯᠠᠩ ᠠᠵᠠ ᠳᠠᠢ

ᠲ᠋ᠡᠭ᠍ᠷᠢ ᠪᠠᠨ ᠰᠢᠳᠦᠳᠡᠭ᠌ ᠠᠢ᠌ᠯ ᠤᠳ

ᠪᠦᠯᠭᠦᠮ ᠲᠡᠶ᠂ ᠢᠳᠡᠭᠡᠯ ᠲᠡᠶ᠂ ᠵᠢᠦᠡᠭᠦᠯ ᠳᠠᠢ

ᠪᠣᠶᠠᠠᠳᠠᠢ ᠭᠡᠰᠢᠭ᠌ ᠲᠡᠶ ᠪᠣᠭᠤᠷᠤᠯᠴᠤᠤᠯ ᠪᠠᠢ᠌ᠭᠰᠠᠨ ᠭᠡᠵᠤ

ᠡᠵᠢ ᠶᠢᠨ ᠮᠢᠨᠢ ᠡᠵᠢ ᠥᠭᠦᠯᠡᠵᠤ ᠪᠢᠯᠠ

ᠡᠵᠢ ᠮᠢᠨᠢ ᠨᠠᠳᠠ ᠳᠤ ᠶᠠᠷᠢᠵᠤ ᠪᠢᠯᠠ᠃

ᠵᠤᠬᠢᠶᠠᠭᠴᠢ᠄ ᠣᠷᠠᠩᠬᠤᠸᠠᠷ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4124
ᠴᠠᠭ᠄ 2007 ᠤᠨ ᠤ 10 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ