☆ ᠨᠠᠶᠠᠠᠳᠠᠯᠠᠢ
ᠰᠤᠷᠬᠤ ᠳᠤ ᠵᠢᠯᠤᠭᠤᠳᠬᠤ ᠭᠦᠳᠦᠯᠦᠮᠵᠢ ᠶᠢ ᠠᠰᠢᠭᠯᠠᠵᠤ᠂ ᠮᠤᠩᠭ᠋ᠤᠯ ᠭᠡᠴᠢᠶᠡᠯᠯᠡᠭᠡ ᠶᠢᠨ ᠥᠭᠡᠷᠴᠢᠯᠡᠯᠳᠡ ᠶᠢ ᠭᠢᠶ᠎ᠠ
ᠨᠢᠭᠡ ᠄ ᠰᠤᠷᠬᠤ ᠳᠤ ᠵᠢᠯᠤᠭᠤᠳᠬᠤ ᠭᠦᠳᠦᠯᠦᠮᠵᠢ ᠭᠡᠭ᠍ᠴᠢ ᠶᠠᠭᠤ ᠪᠣᠢ ᠄
ᠰᠤᠷᠬᠤ ᠳᠤ ᠵᠢᠯᠤᠭᠤᠳᠬᠤ ᠭᠦᠳᠦᠯᠦᠮᠵᠢ ᠪᠣᠯ ᠪᠠᠭᠰᠢ ᠡᠴᠡ ᠭᠢᠴᠢᠶᠠᠯ ᠪᠣᠯᠭᠠᠨ ᠳᠤ ᠪᠡᠯᠡᠳᠭᠡᠭ᠍ᠰᠡᠨ ᠰᠤᠷᠤᠯᠴᠠᠬᠤ ᠲᠤᠰᠠᠯᠠᠮᠵᠢ ᠮᠦᠨ᠃ ᠰᠤᠷᠬᠤ ᠳᠤ ᠵᠢᠯᠤᠭᠤᠳᠬᠤ ᠭᠦᠳᠦᠯᠦᠮᠵᠢ ᠨᠢ ᠪᠠᠭᠰᠢ ᠡᠴᠡ ᠰᠤᠷᠤᠭᠴᠢ ᠶᠢᠨ ᠪᠠᠶ᠎ᠠ ᠪᠠᠨ ᠳᠠᠭᠠᠭᠠᠨ ᠰᠤᠷᠤᠯᠴᠠᠬᠤ ᠶᠢ ᠭᠦᠳᠦᠯᠤᠨ ᠵᠢᠯᠤᠭᠤᠳᠬᠤ ᠵᠤᠭᠰᠤᠯᠳᠠ ᠡᠴᠡ ᠡᠭᠦᠰᠴᠤ ᠵᠢᠭᠠᠬᠤ ᠮᠠᠲ᠋ᠸᠷᠢᠶᠠᠯ ᠳᠤ ᠭᠢᠭ᠍ᠰᠡᠨ ᠬᠤᠶᠠᠳᠠᠭᠴᠢ ᠣᠳᠠᠭᠠᠨ ᠤ ᠡᠭᠦᠳᠤᠨ ᠪᠦᠳᠦᠭᠡᠯ ᠪᠦᠭᠡᠳ ᠨᠠᠢ᠌ᠷᠠᠭᠤᠯᠤᠭᠰᠠᠨ ᠤ ᠰᠡᠭᠦᠯᠡᠷ ᠭᠢᠭ᠍ᠰᠡᠨ ᠪᠠᠶ᠎ᠠ ᠪᠠᠨ ᠳᠠᠭᠠᠭᠠᠨ ᠰᠤᠷᠤᠯᠴᠠᠬᠤ ᠵᠢᠯᠤᠭᠤᠳᠤᠮᠵᠢ ᠶᠢᠨ ᠨᠤᠤᠷᠠᠭ ᠮᠦᠨ᠃ ᠰᠤᠷᠬᠤ ᠳᠤ ᠵᠢᠯᠤᠭᠤᠳᠬᠤ ᠭᠦᠳᠦᠯᠦᠮᠵᠢ ᠨᠢ ᠰᠤᠷᠤᠯᠴᠠᠬᠤ ᠶᠠᠪᠣᠴᠠ ᠪᠠ ᠰᠤᠷᠤᠯᠴᠠᠬᠤ ᠠᠭᠤᠯᠭ᠎ᠠ ᠬᠤᠶᠠᠭᠤᠯᠠ ᠶᠢ ᠣᠶᠠᠯᠳᠠᠭᠤᠯᠤᠭᠰᠠᠨ ᠳᠠᠯ᠎ᠠ ᠪᠠᠷ ᠭᠢᠴᠢᠶᠠᠯ ᠤᠨ ᠪᠢᠴᠢᠭ᠌ ᠲᠤ ᠭᠢᠭ᠍ᠰᠡᠨ ᠪᠦᠷᠢᠨ ᠳᠤᠩᠭ᠋ᠠᠯᠳᠠ ᠮᠦᠨ᠃ ᠰᠤᠷᠤᠭᠴᠢᠳ ᠲᠤ ᠭᠡᠷᠪᠡ ᠭᠦᠳᠦᠯᠦᠮᠵᠢ ᠲᠡᠶ ᠪᠣᠯᠪᠠᠯ ᠭᠢᠴᠢᠶᠠᠯ ᠳᠡᠭᠡᠷ᠎ᠡ ᠨᠠᠩ ᠢᠯᠡᠭᠦᠤ ᠬᠠᠷᠠᠯᠳᠠ ᠪᠠ ᠠᠷᠭ᠎ᠠ ᠪᠠᠷᠢᠯ ᠲᠡᠶ ᠪᠣᠯᠵᠤ ᠣᠷᠢᠳᠴᠢᠯᠠᠨ ᠰᠤᠷᠤᠯᠴᠠᠬᠤ ᠪᠣᠶᠤ ᠠᠰᠠᠭᠤᠳᠠᠯ ᠢ ᠰᠢ᠌ᠳᠪᠦᠷᠢᠯᠡᠭᠦ᠂ ᠬᠠᠮᠳᠤᠷᠠᠨ ᠰᠤᠷᠤᠯᠴᠠᠬᠤ ᠪᠠ ᠶᠠᠷᠢᠯᠴᠠᠨ ᠰᠤᠳᠤᠯᠬᠤ ᠳᠤ ᠵᠠᠩᠭᠢᠯᠭ᠎ᠠ ᠶᠢᠨ ᠣᠢ᠌ᠯᠠᠳᠤᠯ ᠢ ᠥᠵᠡᠭᠦᠯᠭᠦ ᠪᠣᠯᠤᠨ᠎ᠠ᠃ ᠡᠭᠦᠨ ᠤ ᠣᠯᠠᠮ ᠡᠴᠡ ᠣᠯᠠᠮᠵᠢᠯᠠᠯᠳᠤ ᠵᠢᠭᠠᠨ ᠰᠤᠷᠭᠠᠯᠳᠠ ᠳ᠋ᠠᠭᠢ ᠨᠠᠵᠠᠭᠠᠢ ᠰᠤᠬᠤᠷ ᠪᠠᠯᠠᠢ ᠪᠠᠷ ᠰᠤᠷᠤᠯᠴᠠᠬᠤ ᠰᠤᠷᠳᠠᠯ ᠢ ᠳᠠᠶᠠᠭᠳᠠᠵᠤ᠂ ᠣᠬᠠᠮᠰᠠᠷ ᠡᠴᠡ ᠪᠠᠨ ᠪᠠᠶ᠎ᠠ ᠪᠠᠨ ᠳᠠᠭᠠᠭᠠᠨ ᠰᠤᠷᠴᠤ ᠰᠤᠳᠤᠯᠬᠤ ᠵᠠᠩ ᠠᠷᠠᠠᠰᠢᠨ ᠲᠡᠶ ᠪᠣᠯᠵᠤ ᠭᠦᠮᠦᠵᠢᠭ᠍ᠳᠡᠭᠦ ᠪᠣᠯᠤᠨ᠎ᠠ᠃
ᠬᠤᠶᠠᠷ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢᠨ ᠣᠠᠴᠠᠯᠢᠭ᠄
1 .ᠠᠰᠠᠭᠤᠳᠠᠯ ᠢ ᠰᠢ᠌ᠦᠪᠦᠷᠢᠯᠡᠭᠦ ᠪᠣᠯ ᠰᠤᠷᠬᠤ ᠳᠤ ᠵᠢᠯᠤᠭᠤᠳᠬᠤ ᠭᠦᠳᠦᠯᠦᠮᠵᠢ ᠶᠢᠨ ᠵᠠᠩᠭᠢᠯᠭ᠎ᠠ ᠮᠦᠨ᠃ ᠵᠠᠪᠠᠯ ᠠᠰᠠᠭᠤᠯᠳᠠ ᠪᠠᠷ ᠣᠴᠢᠵᠤ ᠠᠰᠠᠭᠤᠳᠠᠯ ᠢ ᠰᠢ᠌ᠳᠪᠦᠷᠢᠯᠡᠭᠦ ᠣᠢ᠌ᠯᠠᠳᠤᠯ ᠢ ᠭᠠᠷᠭᠠᠬᠤ ᠭᠡᠷᠡᠭ᠍ᠳᠡᠢ᠃ ᠢᠩᠭᠢᠪᠠᠯ ᠰᠠᠶᠢ ᠰᠤᠷᠤᠭᠴᠢᠳ ᠲᠤ ᠦᠪᠠᠰᠤᠪᠠᠨ ᠰᠤᠷᠬᠤ᠂ ᠦᠪᠠᠰᠤᠪᠠᠨ ᠠᠰᠠᠭᠤᠯᠳᠠ ᠳᠤᠷᠠᠳᠬᠤ᠂ ᠦᠪᠠᠰᠤᠪᠠᠨ ᠰᠠᠳᠤᠪ ᠭᠢᠭᠦ᠂ ᠦᠪᠠᠰᠤᠪᠠᠨ ᠪᠣᠯᠪᠠᠰᠤᠷᠠᠯ ᠭᠢᠭᠦ ᠲᠤᠬᠢᠶᠠᠯ ᠪᠠ ᠳᠠᠳᠬᠠᠯ ᠢ ᠪᠣᠢ ᠪᠣᠯᠭᠠᠳᠠᠭ᠃
2 . ᠭᠤᠤᠯᠳᠠᠯᠭ᠎ᠠ ᠲᠡᠶ ᠮᠡᠳᠡᠯᠭᠡ ᠶᠢᠨ ᠭᠡᠰᠡᠭ᠌ ᠢ ᠡᠮᠭᠢᠳᠭᠡᠨ ᠶᠡᠷᠦᠩᠭᠡᠢ᠌ᠯᠡᠭᠦ ᠪᠠ ᠬᠤᠷᠢᠶᠠᠩᠭ᠋ᠣᠢ᠌ᠯᠠᠵᠤ᠂ ᠪᠦᠷᠢᠨ ᠪᠦᠳᠤᠨ ᠮᠡᠳᠡᠯᠭᠡ ᠶᠢᠨ ᠰᠢᠰᠲ᠋ᠸᠮ ᠢ ᠪᠣᠢ ᠪᠣᠯᠭᠠᠨ ᠰᠢᠨ᠎ᠡ ᠭᠢᠴᠢᠶᠠᠯ ᠵᠢᠭᠠᠬᠤ ᠪᠠ ᠬᠠᠭᠤᠴᠢᠨ ᠶᠢᠡᠨ ᠳᠠᠪᠳᠠᠬᠤ ᠶᠢ ᠨᠢᠭᠡᠨ ᠴᠤᠭᠴᠠ ᠪᠣᠯᠭᠠᠵᠠᠢ᠃
3. ᠭᠢᠴᠢᠶᠠᠯ ᠡᠴᠡ ᠡᠮᠦᠨ᠎ᠡ ᠭᠦᠴᠤ ᠭᠠᠷᠭᠠᠵᠤ᠂ ᠭᠢᠴᠢᠶᠠᠯ ᠳᠡᠭᠡᠷ᠎ᠡ ᠦᠷ᠎ᠡ ᠪᠦᠳᠦᠮᠵᠢ ᠭᠠᠷᠭᠠᠵᠤ᠂ ᠭᠢᠴᠢᠶᠠᠯ ᠤᠨ ᠳᠠᠷᠠᠭ᠎ᠠ ᠪᠠᠶᠠᠷ ᠪᠠᠬᠠᠳᠤᠯ ᠢ ᠣᠯᠬᠤ ᠪᠣᠯ ᠰᠤᠷᠬᠤ ᠭᠦᠳᠦᠯᠦᠮᠵᠢ ᠪᠠᠷ ᠵᠢᠭᠠᠨ ᠰᠤᠷᠭᠠᠬᠤ ᠶᠢᠨ ᠭᠦᠭᠡᠭᠡᠴᠡᠯᠳᠦᠯ ᠮᠦᠨ᠃ ᠰᠤᠷᠤᠭᠴᠢ ᠪᠠᠷ ᠭᠤᠤᠯ ᠴᠤᠭᠴᠠ ᠪᠣᠯᠭᠠᠵᠤ᠂ ᠪᠠᠭᠰᠢ ᠶᠢᠨ ᠵᠤᠬᠢᠶᠠᠨ ᠪᠠᠢ᠌ᠭᠤᠯᠤᠭᠴᠢ᠂ ᠭᠦᠳᠦᠯᠦᠭ᠍ᠴᠢ᠂ ᠥᠨᠡᠯᠡᠭ᠍ᠴᠢ ᠶᠢᠨ ᠪᠠᠢ᠌ᠷᠢ ᠰᠠᠭᠤᠷᠢ ᠶᠢ ᠳᠤᠳᠤᠷᠠᠭᠤᠯᠵᠤ ᠴᠢᠳᠠᠨ᠎ᠠ᠃
4. ᠪᠣᠯᠪᠠᠰᠤᠷᠠᠯ ᠶᠢᠡᠷ ᠪᠠᠳᠤᠳᠬᠠᠬᠤ ᠪᠣᠯ ᠰᠤᠷᠬᠤ ᠭᠦᠳᠦᠯᠦᠮᠵᠢ ᠶᠢᠨ ᠭᠤᠤᠯ ᠴᠢᠭ᠌ ᠮᠦᠨ᠃ ᠰᠤᠷᠤᠭᠴᠢ ᠶᠢᠨ ᠮᠡᠳᠡᠯᠭᠡ ᠶᠢᠨ ᠪᠦᠷᠢᠯᠳᠦᠯ ᠢ ᠠᠭᠢᠭᠤᠯᠵᠤ᠂ ᠢᠳᠠᠪᠭᠢᠳᠠᠢ ᠰᠡᠳᠭᠢᠭᠦᠯᠤᠨ ᠰᠢᠨ᠎ᠠ ᠶᠢ ᠡᠭᠦᠳᠭᠦ ᠰᠡᠳᠭᠢᠭᠦᠢ ᠪᠠ ᠡᠭᠦᠳᠤᠨ ᠪᠦᠳᠦᠭᠡᠭᠦ ᠴᠢᠳᠠᠪᠣᠷᠢ ᠶᠢ ᠭᠦᠮᠦᠵᠢᠭᠦᠯᠭᠦ ᠳᠤ ᠠᠰᠢᠭᠳᠠᠢ ᠪᠠᠢ᠌ᠳᠠᠭ᠃
5. ᠰᠤᠷᠬᠤ ᠳᠤ ᠵᠢᠯᠤᠭᠤᠳᠬᠤ ᠭᠦᠳᠦᠯᠦᠮᠵᠢ ᠪᠠᠷ ᠭᠢᠴᠢᠶᠡᠯᠯᠡᠭᠦ ᠨᠢ ᠵᠢᠭᠠᠬᠤ᠂ ᠰᠤᠷᠬᠤ᠂ ᠰᠤᠳᠤᠯᠬᠤ᠂ ᠪᠣᠯᠪᠠᠰᠤᠷᠠᠬᠤ ᠶᠢ ᠨᠢᠭᠡᠨ ᠴᠤᠭᠴᠠ ᠪᠣᠯᠭᠠᠵᠤ᠂ ᠰᠤᠷᠤᠭᠴᠢᠳ ᠤᠨ ᠰᠤᠷᠤᠯᠴᠠᠬᠤ ᠣᠷᠮᠠᠰᠢᠯ ᠢ ᠬᠠᠮᠤᠭ ᠳᠡᠭᠡᠳᠤ ᠭᠡᠮᠵᠢᠶ᠎ᠡ ᠭᠦᠷᠳᠡᠯ᠎ᠡ ᠭᠦᠭ᠍ᠵᠢᠭᠡᠵᠤ᠂ ᠳᠠᠳᠠᠨ ᠳᠤ ᠨᠠᠷᠠᠨ ᠤ ᠭᠡᠷᠡᠯ ᠳᠤᠶᠠᠭ᠎ᠠ ᠶᠢ ᠣᠯᠵᠤ ᠦᠵᠡᠵᠤ ᠳᠡᠢ᠌ᠯᠭᠦ ᠭᠡᠭᠡᠪᠴᠢ ᠶᠢ ᠨᠡᠭᠡᠭᠡᠵᠤ ᠥᠭ᠍ᠴᠡᠢ᠃
ᠭᠤᠷᠪᠠ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢ ᠲᠦᠰᠤᠪᠯᠠᠨ ᠭᠢᠭᠦ ᠰᠡᠳᠭᠢᠭᠦᠢ᠄
1. ᠣᠷᠢᠳᠠᠪᠠᠷ ᠰᠤᠷᠤᠯᠴᠠᠵᠤ᠂ ᠳᠠᠷᠠᠭ᠎ᠠ ᠨᠢ ᠵᠢᠭᠠᠬᠤ ᠦᠵᠡᠯᠳᠠ ᠶᠢ ᠪᠣᠢ ᠪᠣᠯᠭᠠᠵᠤ᠂ ᠰᠤᠷᠤᠭᠴᠢᠳ ᠣᠷᠢᠳᠠᠪᠠᠷ ᠪᠠᠶ᠎ᠠ ᠪᠠᠨ ᠳᠠᠭᠠᠭᠠᠨ ᠨᠢᠭᠡ ᠠᠯᠬᠤᠮ ᠰᠤᠷᠤᠯᠴᠠᠨ ᠠᠩᠬ᠎ᠠ ᠠᠯᠬᠤᠮ ᠤᠨ ᠣᠢ᠌ᠯᠭᠠᠯᠳᠠ ᠪᠣᠢ ᠪᠣᠯᠬᠤ ᠪᠠ ᠠᠰᠠᠭᠤᠳᠠᠯ ᠢ ᠢᠯᠡᠷᠡᠭᠦᠯᠦᠭ᠍ᠰᠡᠨ ᠰᠠᠭᠤᠷᠢᠨ ᠳᠡᠭᠡᠷ᠎ᠡ ᠣᠯᠠᠮ ᠨᠢᠭᠡ ᠠᠯᠬᠤᠮ ᠵᠢᠯᠤᠭᠤᠳᠤᠨ ᠶᠠᠮᠠᠷ ᠠᠰᠠᠭᠤᠳᠠᠯ ᠢ ᠰᠢᠳᠪᠦᠷᠢᠯᠡᠭᠦ ᠪᠠ ᠶᠠᠭᠠᠭᠢᠵᠤ ᠰᠤᠷᠤᠯᠴᠠᠬᠤ ᠠᠰᠠᠭᠤᠳᠠᠯ ᠢ ᠰᠢ᠌ᠤᠪᠣᠷᠢᠯᠠᠨᠡ᠃
2. ᠰᠤᠷᠤᠭᠴᠢ ᠶᠢᠨ ᠨᠢᠳᠤ ᠪᠠ ᠳᠠᠨᠢᠯᠳᠠ ᠶᠢᠨ ᠮᠠᠳᠠᠷᠠᠮᠵᠢ ᠶᠢ ᠠᠰᠢᠭᠯᠠᠵᠤ ᠵᠢᠭᠠᠬᠤ ᠮᠠᠲ᠋ᠸᠷᠢᠶᠠᠯ ᠢ ᠣᠢ᠌ᠯᠭᠠᠨ᠂ ᠰᠤᠷᠤᠭᠴᠢ ᠶᠢᠨ ᠰᠡᠳᠭᠢᠭᠦ ᠶᠠᠪᠣᠴᠠ ᠳᠤ ᠳᠤᠯᠭᠠᠷᠠᠭᠰᠠᠨ ᠠᠰᠠᠭᠤᠳᠠᠯ ᠤᠳ ᠢ ᠰᠢᠢᠳᠪᠣᠷᠢᠯᠠᠨ᠎ᠠ᠃
3. ᠰᠤᠷᠤᠭᠴᠢᠳ ᠲᠤ ᠬᠠᠩᠭ᠋ᠠᠮᠵᠢᠳᠠᠢ ᠴᠠᠭ ᠥᠭ᠍ᠴᠤ ᠣᠩᠰᠢᠭᠤᠯᠬᠤ ᠪᠠ ᠪᠢᠷ ᠪᠠᠷᠢᠨ ᠪᠢᠴᠢᠭᠦ ᠶᠢ ᠴᠢᠩᠭ᠋ᠠᠳᠬᠠᠨ᠎ᠠ᠃
ᠳᠦᠷᠪᠠ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢ ᠵᠤᠬᠢᠶᠠᠨ ᠪᠠᠢ᠌ᠭᠤᠯᠬᠤ ᠭᠡᠯᠪᠠᠷᠢ᠄
1. ᠰᠤᠷᠤᠭᠴᠢ ᠪᠠᠶ᠎ᠠ ᠪᠠᠨ ᠳᠠᠭᠠᠭᠠᠨ ᠰᠤᠷᠤᠯᠴᠠᠬᠤ ᠭᠡᠯᠪᠠᠷᠢ᠃
2. ᠪᠠᠭᠰᠢ ᠰᠤᠷᠤᠭᠴᠢ ᠬᠠᠮᠳᠤᠷᠠᠨ ᠰᠤᠳᠤᠯᠬᠤ ᠭᠡᠯᠪᠠᠷᠢ᠃
3. ᠪᠠᠭᠰᠢ ᠳᠠᠢ᠌ᠯᠪᠣᠷᠢᠯᠠᠨ ᠶᠠᠷᠢᠬᠤ ᠭᠡᠯᠪᠠᠷᠢ᠃
ᠳᠠᠪᠣ ᠄ ᠵᠢᠭᠠᠬᠤ ᠭᠦᠳᠦᠯᠦᠮᠵᠢ ᠪᠠ ᠰᠤᠷᠬᠤ ᠳᠤ ᠵᠢᠯᠤᠭᠤᠳᠬᠤ ᠭᠦᠳᠦᠯᠦᠮᠵᠢ ᠶᠢᠨ ᠢᠯᠭᠠᠭ᠎ᠠ᠄
1. ᠵᠤᠷᠢᠯᠭ᠎ᠠ᠄ ᠵᠢᠭᠠᠬᠤ ᠭᠦᠳᠦᠯᠦᠮᠵᠢ ᠪᠣᠯ ᠪᠠᠭᠰᠢ ᠶᠢᠨ ᠶᠠᠷᠢᠬᠤ ᠪᠠᠷ ᠭᠤᠤᠯ ᠪᠣᠯᠭᠠᠨ᠎ᠠ᠃ ᠰᠤᠷᠬᠤ ᠳᠤ ᠵᠢᠯᠤᠭᠤᠳᠬᠤ ᠭᠦᠳᠦᠯᠦᠮᠵᠢ ᠪᠣᠯ ᠰᠤᠷᠤᠭᠴᠢ ᠶᠢᠨ ᠰᠤᠷᠤᠯᠴᠠᠬᠤ ᠪᠠᠷ ᠣᠷᠢᠳᠠᠯ ᠪᠣᠯᠭᠠᠨ᠎ᠠ᠃
2. ᠰᠢᠠᠵᠢ ᠴᠢᠨᠠᠷ᠄ ᠵᠢᠭᠠᠬᠤ ᠭᠦᠳᠦᠯᠦᠮᠵᠢ ᠨᠢ ᠪᠠᠭᠰᠢ ᠪᠠᠷ ᠭᠤᠤᠯ ᠪᠣᠯᠭᠠᠨ᠎ᠠ᠃ ᠳᠠᠩ ᠴᠤᠯᠭᠤᠢ ᠪᠦᠭᠡᠳ ᠪᠢᠳᠡᠭᠦᠮᠵᠢᠮᠡᠯ ᠣᠠᠴᠠᠯᠢᠭ ᠲᠡᠶ᠃ ᠰᠤᠷᠬᠤ ᠳᠤ ᠵᠢᠯᠤᠭᠤᠳᠬᠤ ᠭᠦᠳᠦᠯᠦᠮᠵᠢ ᠨᠢ ᠰᠤᠷᠤᠭᠴᠢ ᠪᠠᠷ ᠭᠤᠤᠯ ᠪᠣᠯᠭᠠᠵᠤ᠂ ᠬᠠᠷᠢᠯᠴᠠᠨ ᠠᠭᠢᠭᠤᠯᠬᠤ ᠪᠠ ᠨᠡᠭᠡᠭᠡᠯᠳᠡ ᠶᠢᠨ ᠴᠢᠨᠠᠷ ᠲᠡᠶ᠃
3. ᠭᠡᠯᠪᠠᠷᠢ ᠮᠠᠶᠢᠭ᠄ ᠵᠢᠭᠠᠬᠤ ᠭᠦᠳᠦᠯᠦᠮᠵᠢ ᠪᠣᠯ ᠪᠠᠭᠰᠢ ᠦᠪᠡᠷ ᠶᠢᠡᠨ ᠣᠳᠤᠷᠢᠳᠤᠨ ᠦᠪᠡᠷ ᠶᠢᠡᠨ ᠳᠤᠭᠯᠠᠯᠳᠠ ᠭᠠᠷᠭᠠᠨ᠎ᠠ᠃ ᠰᠤᠷᠬᠤ ᠳᠤ ᠵᠢᠯᠤᠭᠤᠳᠬᠤ ᠭᠦᠳᠦᠯᠦᠮᠵᠢ ᠪᠣᠯ ᠪᠠᠭᠰᠢ ᠡᠴᠡ ᠣᠳᠤᠷᠢᠳᠤᠭᠠᠴᠢ ᠪᠣᠯᠵᠤ ᠰᠤᠷᠤᠭᠴᠢ ᠳᠤᠭᠯᠠᠯᠳᠠ ᠭᠠᠷᠭᠠᠨ᠎ᠠ᠃
4. ᠢᠯᠡᠳᠭᠡᠭᠦ ᠠᠷᠭ᠎ᠠ ᠪᠠᠷᠢᠯ ᠄ ᠵᠢᠭᠠᠬᠤ ᠭᠦᠳᠦᠯᠦᠮᠵᠢ ᠨᠢ ᠵᠠᠷᠯᠢᠭ ᠵᠠᠭᠢᠶ᠎ᠠ ᠶᠢᠨ ᠴᠤᠩᠬᠤ ᠤ ᠭᠡᠯᠪᠠᠷᠢ ᠪᠠᠢ᠌ᠳᠠᠯ ᠲᠡᠶ᠃ ᠰᠤᠷᠤᠭᠴᠢᠳ ᠲᠤ ᠠᠯᠪᠠᠳᠠᠯᠭ᠎ᠠ ᠪᠠᠷ ᠭᠦᠯᠢᠶᠡᠨ ᠠᠪᠣᠭᠤᠯᠤᠨᠠ᠃ ᠰᠤᠷᠬᠤ ᠳᠤ ᠵᠢᠯᠤᠭᠤᠳᠬᠤ ᠭᠦᠳᠦᠯᠦᠮᠵᠢ ᠪᠣᠯ ᠡᠯᠢᠭᠡᠰᠡᠭ᠌ ᠳᠤᠳᠤᠨᠤᠰᠤᠭ ᠴᠤᠩᠬᠤᠨ ᠤ ᠭᠡᠯᠪᠠᠷᠢ ᠪᠠᠢ᠌ᠳᠠᠯ ᠲᠡᠶ᠃ ᠰᠤᠷᠤᠭᠴᠢᠳ ᠰᠠᠢ᠌ᠨ ᠳᠤᠷ᠎ᠠ ᠡᠴᠡ ᠪᠠᠨ ᠭᠦᠯᠢᠶᠡᠨ ᠠᠪᠣᠨ᠎ᠠ᠃
ᠵᠢᠷᠭᠤᠭ᠎ᠠ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢᠨ ᠣᠢ᠌ᠯᠠᠳᠤᠯ᠄
1. ᠪᠠᠶ᠎ᠠ ᠪᠠᠨ ᠳᠠᠭᠠᠭᠠᠨ ᠥᠪᠠᠷᠳᠡᠭᠡᠨ ᠰᠤᠷᠬᠤ ᠳᠤ ᠳᠤᠰᠠᠳᠠᠢ᠃
2. ᠣᠳᠤᠭᠢᠴᠢᠯᠠᠭᠰᠠᠨ ᠵᠢᠭᠠᠬᠤ ᠪᠠᠭᠠᠵᠢ ᠶᠢ ᠠᠰᠢᠭᠯᠠᠵᠤ᠂ ᠰᠢᠨ᠎ᠠ ᠮᠠᠶᠢᠭ ᠶᠢᠡᠷ ᠭᠢᠴᠢᠶᠡᠯᠯᠡᠭᠦ ᠪᠠ ᠬᠠᠮᠳᠤ ᠶᠢᠨ ᠭᠢᠴᠢᠶᠠᠯ ᠪᠡᠯᠡᠳᠭᠡᠯ ᠢ ᠦᠷᠨᠢᠭᠦᠯᠭᠦ ᠳᠤ ᠳᠤᠰᠠᠳᠠᠢ᠃
3. ᠰᠤᠷᠤᠭᠴᠢ ᠶᠢᠨ ᠰᠤᠷᠴᠤ ᠴᠢᠳᠠᠬᠤ ᠪᠠ ᠭᠦᠮᠤᠨ ᠪᠣᠯᠵᠤ ᠭᠦᠮᠦᠵᠢᠵᠤ ᠴᠢᠳᠠᠬᠤ ᠳᠤ ᠳᠤᠰᠠᠳᠠᠢ᠃
4. ᠪᠠᠭᠰᠠᠢ ᠶᠢᠨ ᠳᠠᠪᠳᠠᠨ ᠪᠣᠯᠪᠠᠰᠤᠷᠠᠬᠤ ᠪᠠ ᠥᠭᠡᠳᠡᠯᠡᠨ ᠳᠡᠭᠡᠭ᠍ᠰᠢᠯᠡᠭᠦ ᠳᠤ ᠳᠤᠰᠠᠳᠠᠢ᠃
5. ᠰᠢᠨ᠎ᠠ ᠶᠢ ᠡᠭᠦᠳᠭᠦ ᠵᠤᠷᠢᠭ ᠰᠠᠨᠠᠭ᠎ᠠ ᠶᠢ ᠭᠦᠮᠦᠵᠢᠭᠦᠯᠦᠨ᠎ᠡ᠃
6. ᠰᠤᠷᠤᠭᠴᠢ ᠪᠠᠷ ᠭᠤᠤᠯ ᠴᠤᠭᠴᠠ ᠪᠣᠯᠭᠠᠵᠤ᠂ ᠪᠠᠭᠰᠢ ᠰᠤᠷᠤᠭᠴᠢ ᠡᠷᠭᠡ ᠳᠡᠭ᠍ᠰᠢ ᠪᠠᠢ᠌ᠬᠤ ᠶᠢ ᠪᠠᠶᠡᠯᠡᠭᠦᠯᠦᠨ᠎ᠡ᠃
7. ᠰᠤᠷᠤᠭᠴᠢ ᠪᠠᠭᠰᠢ ᠴᠦᠮ ᠠᠮᠵᠢᠯᠳᠠ ᠣᠯᠬᠤ ᠶᠢᠨ ᠣᠮᠤᠭ ᠪᠠᠬᠠᠳᠤᠯ ᠢ ᠡᠳᠡᠯᠡᠨ᠎ᠡ᠃
8. ᠠᠰᠠᠭᠤᠳᠠᠯ ᠢ ᠢᠯᠡᠷᠡᠭᠦᠯᠭᠦ ᠪᠠ ᠠᠰᠠᠭᠤᠳᠠᠯ ᠢ ᠰᠢᠳᠪᠦᠷᠢᠯᠡᠭᠦ ᠳᠤ ᠳᠤᠰᠠᠳᠠᠢ᠃
ᠳᠤᠯᠤᠭ᠎ᠠ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢ ᠪᠢᠴᠢᠭᠦ ᠵᠠᠷᠴᠢᠮ ᠄
1. ᠭᠢᠴᠢᠶᠠᠯ ᠤᠨ ᠴᠠᠭ ᠶᠢᠡᠷ ᠳᠤᠭᠢᠷᠠᠭᠤᠯᠬᠤ ᠵᠠᠷᠴᠢᠮ᠃ ᠳᠠᠷᠤᠢ ᠨᠢᠭᠡ ᠭᠢᠴᠢᠶᠠᠯ ᠤᠨ ᠴᠠᠭ ᠲᠤ ᠨᠢᠭᠡ ᠰᠤᠷᠬᠤ ᠳᠤ ᠵᠢᠯᠤᠭᠤᠳᠬᠤ ᠭᠦᠳᠦᠯᠦᠮᠵᠢ ᠶᠢ ᠣᠷᠢᠳᠴᠢᠯᠠᠨ ᠭᠤᠷᠪᠠᠨ ᠡᠳᠦᠷ ᠲᠤ ᠪᠢᠴᠢᠵᠤ ᠪᠠᠷᠠᠭᠠᠤᠨ ᠣᠷᠢᠳᠴᠢᠯᠠᠨ ᠨᠢᠭᠡ ᠡᠳᠦᠷ ᠲᠤ ᠰᠤᠷᠤᠭᠴᠢ ᠳᠤ ᠭᠠᠷᠳᠠᠭᠤᠯᠵᠤ ᠳᠠᠪᠳᠠᠭᠤᠯᠤᠨᠠ᠃
2. ᠠᠰᠠᠭᠤᠳᠠᠯ ᠳᠤ ᠴᠢᠭᠯᠡᠭᠦᠯᠭᠦ ᠵᠠᠷᠴᠢᠮ᠃ ᠳᠠᠷᠤᠢ ᠵᠠᠪᠠᠯ ᠰᠠᠳᠤᠪ ᠭᠠᠷᠭᠠᠵᠤ᠂ ᠠᠰᠠᠭᠤᠯᠳᠠ ᠳᠤᠷᠠᠳᠤᠨ ᠭᠢᠴᠢᠶᠠᠯ ᠳᠡᠭᠡᠷ᠎ᠡ ᠨᠢ ᠰᠢᠳᠪᠦᠷᠢᠯᠡᠭᠦ ᠶᠢ ᠪᠠᠶᠡᠯᠡᠭᠦᠯᠭᠦ ᠭᠡᠷᠡᠭ᠍ᠳᠡᠢ᠃
3. ᠣᠷᠤᠯᠴᠠᠬᠤ ᠳᠤ ᠴᠢᠭᠯᠡᠭᠦᠯᠭᠦ ᠵᠠᠷᠴᠢᠮ᠃ ᠳᠠᠷᠤᠢ ᠪᠠᠭᠰᠢ ᠰᠤᠷᠤᠭᠴᠢ ᠴᠦᠮ ᠣᠷᠤᠯᠴᠠᠬᠤ ᠶᠢ ᠪᠠᠳᠤᠯᠠᠬᠤ ᠭᠡᠷᠡᠭ᠍ᠳᠡᠢ᠃ ᠳᠠᠷᠤᠢ ᠪᠠᠭᠰᠢ ᠵᠥᠪᠭᠡᠨ ᠰᠡᠩᠭᠡᠷᠡᠭᠦᠯᠵᠤ᠂ ᠰᠤᠷᠤᠭᠴᠢ ᠦᠷ᠎ᠡ ᠳ᠋ᠦ᠋ᠩ ᠢ ᠭᠠᠷᠭᠠᠨ᠎ᠠ᠃ ᠳᠤᠬᠠᠢ᠌ᠯᠠᠪᠠᠯ ᠰᠤᠷᠤᠭᠴᠢ ᠶᠢᠨ ᠭᠢᠴᠢᠶᠠᠯ ᠳᠡᠭᠡᠷᠡᠭᠢ ᠡᠵᠡᠨ ᠭᠦᠮᠤᠨ ᠤ ᠣᠢ᠌ᠯᠠᠳᠤᠯ ᠢ ᠳᠤᠪᠣᠢ᠌ᠯᠭᠠᠬᠤ ᠭᠡᠷᠡᠭ᠍ᠳᠡᠢ᠃
4. ᠠᠷᠭ᠎ᠠ ᠪᠠᠷᠢᠯ ᠳᠤ ᠳᠤᠭᠢᠷᠠᠭᠤᠯᠬᠤ ᠵᠠᠷᠴᠢᠮ᠄ ᠳᠠᠷᠤᠢ ᠰᠤᠷᠤᠭᠴᠢ ᠶᠢᠨ ᠬᠤᠪᠢ ᠳᠤ ᠮᠸᠬᠠᠨᠢᠭ ᠶᠢᠡᠷ ᠡᠵᠡᠮᠰᠢᠭᠦᠯᠭᠦ ᠶᠢ ᠳᠠᠶᠠᠭᠳᠠᠵᠤ᠂ ᠣᠷᠭᠠᠨᠢᠭ ᠠᠮᠢᠳᠤᠯᠢᠭ ᠶᠢᠡᠷ ᠡᠵᠡᠮᠰᠢᠭᠦᠯᠭᠦ ᠶᠢ ᠪᠠᠶᠡᠯᠭᠦᠯᠦᠨᠡ᠃ ᠪᠠᠭᠰᠢ ᠶᠢᠨ ᠬᠤᠪᠢ ᠳᠤ ᠦᠷ᠎ᠡ ᠪᠦᠳᠦᠮᠵᠢ ᠶᠢ ᠳᠡᠭᠡᠭ᠍ᠰᠢᠯᠡᠭᠦᠯᠵᠤ᠂ ᠳᠠᠷᠤᠭᠠᠰᠤ ᠶᠢ ᠭᠦᠩᠭᠡᠯᠡᠨᠡ᠃
5. ᠳᠠᠰ ᠳᠠᠷᠠᠭ᠎ᠠ ᠲᠡᠶ ᠳᠤᠭᠢᠷᠠᠭᠤᠯᠬᠤ ᠵᠠᠷᠴᠢᠮ᠃ ᠳᠠᠷᠤᠢ ᠭᠢᠴᠢᠶᠡᠯᠯᠡᠭᠦ ᠠᠭᠤᠯᠭ᠎ᠠ ᠪᠠᠨ ᠭᠦᠡᠳᠤ ᠬᠦᠩᠭᠡᠨ᠂ ᠣᠷᠳᠤ ᠣᠬᠤᠷ ᠵᠡᠷᠭᠡ ᠶᠢ ᠦᠨᠳᠦᠰᠦᠯᠠᠨ ᠠᠪᠴᠢᠵᠤ ᠰᠤᠩᠬᠤ ᠴᠢᠨᠠᠷ ᠲᠡᠶ ᠠᠳᠠᠯᠢ ᠪᠣᠰᠤ ᠠᠷᠭ᠎ᠠ ᠪᠠᠷᠢᠯ ᠢ ᠠᠪᠬᠤ ᠪᠠᠷ ᠪᠠᠷᠠᠬᠤ ᠦᠭᠡᠶ ᠠᠳᠠᠯᠢ ᠪᠣᠰᠤ ᠰᠤᠷᠤᠭᠴᠢ ᠶᠢᠨ ᠣᠠᠴᠠᠯᠢᠭ ᠲᠤ ᠳᠤᠭᠢᠷᠠᠭᠤᠯᠤᠨ ᠠᠳᠠᠯᠢ ᠪᠣᠰᠤ ᠭᠦᠡᠳᠦᠴᠡ ᠶᠢᠨ ᠭᠡᠮᠵᠢᠶ᠎ᠡ ᠪᠠᠷ ᠵᠢᠭᠠᠵᠤ ᠳᠠᠢ᠌ᠯᠤᠨ᠎ᠠ᠃
6. ᠭᠢᠨᠠᠨ ᠥᠨᠡᠯᠡᠭᠦ ᠵᠠᠷᠴᠢᠮ᠄ ᠳᠠᠷᠤᠢ ᠰᠤᠷᠤᠭᠴᠢᠳ ᠤᠨ ᠰᠤᠷᠤᠯᠴᠠᠵᠤ ᠪᠠᠢ᠌ᠬᠤ ᠪᠠᠢ᠌ᠳᠠᠯ ᠳᠤ ᠴᠢᠭᠯᠡᠭᠦᠯᠤᠨ ᠪᠠᠭᠰᠢ ᠡᠴᠡ ᠥᠨᠡᠯᠡᠭᠦ ᠪᠣᠶᠤ ᠰᠤᠷᠤᠭᠴᠢ ᠬᠠᠷᠢᠯᠴᠠᠨ ᠥᠨᠡᠯᠡᠭᠦ᠂ ᠡᠰᠡᠭᠦᠯ᠎ᠡ ᠦᠪᠡᠷ ᠤᠨ ᠪᠠᠶ᠎ᠠ ᠪᠠᠨ ᠥᠨᠡᠯᠡᠭᠦ ᠪᠠᠷ ᠳᠠᠮᠵᠢᠵᠤ᠂ ᠰᠤᠷᠤᠯᠴᠠᠯᠭ᠎ᠠ ᠶᠢᠨ ᠢᠳᠡᠭᠡᠯ ᠵᠤᠷᠢᠭ ᠢ ᠣᠯᠤᠨ᠎ᠠ᠃
7. ᠵᠢᠭᠠᠨ ᠰᠤᠷᠭᠠᠭᠰᠠᠨ ᠢ ᠭᠡᠳᠡᠷᠭᠦ ᠳᠤᠩᠭ᠋ᠠᠨ ᠪᠣᠳᠤᠯᠭᠢᠯᠠᠬᠤ ᠵᠠᠷᠴᠢᠮ᠃ ᠳᠠᠷᠤᠢ ᠭᠢᠴᠢᠶᠠᠯ ᠪᠠᠷᠤᠮᠠᠭᠴᠠ ᠳᠤᠰ ᠭᠢᠴᠢᠶᠠᠯ ᠤᠨ ᠵᠢᠭᠠᠨ ᠰᠤᠷᠭᠠᠭᠰᠠᠨ ᠡᠯ᠎ᠡ ᠭᠤᠭᠴᠤᠭᠠᠨ ᠤ ᠪᠠᠢ᠌ᠳᠠᠯ᠂ ᠰᠤᠷᠤᠭᠴᠢ ᠶᠢᠨ ᠡᠵᠡᠮᠰᠢᠭ᠍ᠰᠡᠨ ᠭᠡᠮᠵᠢᠶ᠎ᠡ ᠪᠠ ᠣᠷᠤᠯᠴᠠᠵᠤ ᠪᠠᠢ᠌ᠬᠤ ᠪᠠᠢ᠌ᠳᠠᠯ᠂ ᠭᠦᠡᠳᠦᠴᠡ ᠶᠢᠨ ᠭᠡᠮᠵᠢᠶ᠎ᠡ᠂ ᠣᠷᠤᠰᠢᠵᠤ ᠪᠠᠢ᠌ᠬᠤ ᠪᠠ ᠬᠠᠯᠠᠨ ᠵᠠᠰᠠᠷᠠᠭᠤᠰᠢᠳᠠᠢ ᠵᠡᠷᠭᠡ ᠪᠠᠢ᠌ᠳᠠᠯ ᠳᠤ ᠴᠢᠭᠯᠡᠭᠦᠯᠤᠨ ᠭᠡᠳᠡᠷᠭᠦ ᠳᠤᠩᠭ᠋ᠠᠬᠤ ᠪᠠ ᠪᠣᠳᠤᠯᠭᠢᠯᠠᠬᠤ ᠠᠵᠢᠯ ᠢ ᠭᠢᠨ᠎ᠠ᠃
ᠨᠢ᠋ᠮᠠ᠄ ᠰᠤᠷᠬᠤ ᠳᠤ ᠵᠢᠯᠤᠭᠤᠳᠬᠤ ᠭᠦᠳᠦᠯᠦᠮᠵᠢ ᠶᠢ ᠣᠢ᠌ᠯᠠᠳᠤᠨ ᠭᠢᠭᠦ ᠵᠠᠭᠪᠣᠷ᠄
1. ᠬᠠᠷᠠᠯᠳᠠ ᠪᠠᠨ ᠳᠤᠭᠳᠠᠭᠠᠨ᠎ᠠ᠃
2. ᠣᠷᠢᠳᠴᠢᠯᠠᠨ ᠰᠤᠷᠬᠤ ᠡᠭᠦᠷᠭᠡ ᠶᠢ ᠳᠤᠭᠳᠠᠭᠠᠨ᠎ᠠ᠃
3. ᠭᠤᠤᠯᠳᠠᠯᠭ᠎ᠠ ᠪᠠ ᠭᠦᠴᠢᠷᠳᠡᠯᠭᠡ ᠶᠢ ᠳᠠᠢ᠌ᠯᠪᠣᠷᠢᠯᠠᠨ ᠰᠠᠢ᠌ᠤᠠᠪᠣᠷᠢᠯᠠᠨᠡ᠃
4. ᠪᠣᠯᠪᠠᠰᠤᠷᠠᠯ ᠶᠢᠡᠷ ᠪᠠᠳᠤᠳᠬᠠᠨ᠎ᠠ᠃
5. ᠦᠵᠡᠯ ᠰᠠᠨᠠᠭᠠᠨ ᠤ ᠭᠦᠮᠦᠵᠢᠯ ᠪᠠ ᠮᠡᠳᠡᠯᠭᠡ ᠶᠢᠨ ᠦᠷᠭᠡᠳᠭᠡᠯ ᠢ ᠭᠢᠨ᠎ᠠ᠃
ᠶᠢᠰᠤ ᠄ ᠰᠤᠷᠬᠤ ᠳᠤ ᠵᠢᠯᠤᠭᠤᠳᠬᠤ ᠭᠦᠳᠦᠯᠦᠮᠵᠢ ᠶᠢ ᠠᠰᠢᠭᠯᠠᠨ ᠭᠢᠴᠢᠶᠡᠯᠯᠡᠭᠦ ᠵᠠᠭᠪᠣᠷ᠄
1. ᠰᠤᠷᠬᠤ ᠳᠤ ᠵᠢᠯᠤᠭᠤᠳᠬᠤ ᠭᠦᠳᠦᠯᠦᠮᠵᠢ ᠶᠢ ᠪᠢᠴᠢᠵᠤ ᠣᠷᠢᠳᠴᠢᠯᠠᠨ ᠭᠠᠷᠳᠠᠭᠤᠯᠤᠨ᠎ᠠ᠃
2. ᠰᠤᠷᠤᠭᠴᠢ ᠭᠦᠳᠦᠯᠦᠮᠵᠢ ᠶᠢ ᠠᠰᠢᠭᠯᠠᠨ ᠪᠠᠶ᠎ᠠ ᠪᠠᠨ ᠳᠠᠭᠠᠭᠠᠵᠤ ᠰᠤᠷᠤᠯᠴᠠᠨ᠎ᠠ᠃ ᠪᠠᠭᠰᠢ ᠵᠤᠭᠢᠰᠳᠠᠢ ᠭᠦᠳᠦᠯᠦᠨᠡ᠃
3. ᠰᠤᠷᠤᠭᠴᠢ ᠡᠵᠡᠮᠰᠢᠭ᠍ᠰᠡᠨ ᠶᠢᠡᠨ ᠳᠡᠯᠭᠡᠨ ᠥᠵᠡᠭᠦᠯᠦᠨ᠎ᠡ᠃ ᠪᠠᠭᠰᠢ ᠵᠤᠭᠢᠰᠳᠠᠢ ᠵᠤᠬᠢᠶᠠᠨ ᠪᠠᠢ᠌ᠭᠤᠯᠤᠨ᠎ᠠ᠃
4. ᠦᠨᠡᠯᠠᠯᠳᠠ ᠪᠠ ᠵᠤᠷᠢᠭᠵᠢᠭᠤᠯᠤᠯ ᠢ ᠭᠢᠭᠦ ᠪᠦᠭᠡᠳ ᠮᠡᠳᠡᠯᠭᠡ ᠶᠢᠨ ᠦᠷᠭᠡᠳᠭᠡᠯ ᠢ ᠭᠢᠨ᠎ᠠ᠃
ᠠᠷᠪᠠ ᠄ ᠥᠯᠢᠭᠡᠷ ᠵᠢᠱᠢᠶ᠎ᠠ (ᠳᠡᠦᠭᠡᠨ ᠭᠢᠴᠢᠶᠠᠯ)᠄
ᠠᠷᠪᠠᠳᠤᠭᠠᠷ ᠭᠢᠴᠢᠶᠠᠯ (ᠵᠠᠪᠠᠯ ᠰᠤᠷᠬᠤ ① ᠡᠩ ᠤᠨ ᠳᠡᠭᠡᠳᠤ ᠵᠡᠷᠭᠡ ᠶᠢᠨ ᠳᠤᠮᠳᠠᠳᠤ ᠰᠤᠷᠭᠠᠭᠤᠯᠢ ᠶᠢᠨ ᠭᠢᠴᠢᠶᠠᠯ ᠤᠨ ᠪᠠᠷᠢᠮᠵᠢᠶ᠎ᠠ ᠶᠢᠨ ᠳᠤᠷᠰᠢᠯᠳᠠ ᠶᠢᠨ ᠰᠤᠷᠬᠤ ᠪᠢᠴᠢᠭ᠌) ᠬᠠᠷ᠎ᠠ ᠳᠠᠮᠠᠭᠢ ᠶᠢᠨ ᠳᠠᠢ᠌ᠨ
ᠰᠤᠷᠤᠯᠴᠠᠬᠤ ᠬᠠᠷᠠᠯᠳᠠ ᠄
①1840 ᠣᠨ ᠡᠴᠡ 1900 ᠣᠨ ᠤ ᠬᠤᠭᠤᠷᠤᠠᠳᠤ ᠦᠷᠤᠨᠠᠳᠠᠭᠢᠨ ᠤ ᠺᠤᠯᠤᠨᠢᠴᠢᠯᠠᠭᠴᠢᠳ ᠤᠨ ᠳᠤᠮᠳᠠᠳᠤ ᠶᠢ ᠳᠦᠷᠢᠮᠡᠢ᠌ᠯᠡᠭ᠍ᠰᠡᠨ ᠭᠤᠤᠯ ᠴᠢᠬᠤᠯᠠ ᠳᠡᠦᠭᠡᠳᠤ ᠭᠡᠷᠡᠭ᠌ ᠣᠴᠢᠷ ᠢ ᠳᠠᠨᠢᠨ᠎ᠠ᠃
② ᠬᠤᠶᠠᠷ ᠣᠳᠠᠭᠠᠨ ᠤ ᠬᠠᠷ᠎ᠠ ᠳᠠᠮᠠᠭᠢ ᠶᠢᠨ ᠳᠠᠢ᠌ᠨ ᠤ ᠳᠤᠮᠳᠠ ᠳᠤᠮᠳᠠᠳᠤ ᠶᠢᠨ ᠦᠨᠳᠦᠰᠦᠳᠠᠨ ᠤ ᠬᠠᠷᠢ ᠶᠢᠨ ᠳᠦᠷᠢᠮᠡᠭᠡᠢ᠌ᠯᠡᠯ ᠢ ᠡᠰᠡᠷᠭᠦᠴᠡᠭ᠍ᠰᠡᠨ ᠳᠠᠮᠠᠴᠠᠯ ᠤᠨ ᠵᠤᠷᠢᠭ ᠰᠠᠨᠠᠭ᠎ᠠ ᠶᠢ ᠲᠠᠭᠠᠨ ᠰᠤᠷᠤᠯᠴᠠᠨ᠎ᠠ᠃
ᠭᠤᠤᠯᠳᠠᠯᠭ᠎ᠠ ᠄ ᠬᠤᠮᠧᠨ ᠳᠤ ᠬᠠᠷ᠎ᠠ ᠳᠠᠮᠠᠭᠢ ᠰᠢᠳᠠᠭᠠᠭᠰᠠᠨ᠂ 《ᠨᠠᠠᠵᠢᠩ ᠤᠨ ᠭᠡᠷ᠎ᠡ》᠂ 《ᠳᠢᠶᠠᠠᠵᠢᠨ ᠤ ᠭᠡᠷ᠎ᠡ》 ᠭᠢᠭᠡᠳ ᠬᠤᠶᠠᠷ ᠣᠳᠠᠭᠠᠨ ᠤ ᠬᠠᠷ᠎ᠠ ᠳᠠᠮᠠᠭᠢ ᠶᠢᠨ ᠳᠠᠢ᠌ᠨ ᠤ ᠨᠥᠯᠦᠭᠡ᠃
ᠭᠦᠴᠢᠷᠳᠡᠯᠭᠡ᠄ ᠬᠤᠶᠠᠷ ᠣᠳᠠᠭᠠᠨ ᠤ ᠬᠠᠷ᠎ᠠ ᠳᠠᠮᠠᠭᠢ ᠶᠢᠨ ᠳᠠᠢ᠌ᠨ ᠤ ᠠᠬᠤᠢ ᠪᠠᠢ᠌ᠳᠠᠯ᠂ ᠢᠯᠠᠭᠳᠠᠭᠰᠠᠨ ᠰᠢᠯᠳᠠᠭᠠᠨ ᠵᠢᠴᠢ ᠨᠥᠯᠦᠭᠡ᠃
ᠰᠤᠷᠬᠤ ᠶᠠᠪᠣᠴᠠ᠄
① ᠥᠵᠡᠭ᠍ᠳᠡᠯ ᠢ ᠠᠰᠢᠭᠯᠠᠵᠤ᠂ ᠬᠠᠷᠠᠯᠳᠠ ᠪᠠᠨ ᠳᠤᠭᠳᠠᠭᠠᠬᠤ᠄ 情景导入、目标定向 1644 ᠣᠨ ᠳᠤ ᠳᠤᠮᠳᠠᠳᠤ ᠣᠯᠤᠰ ᠲᠤ ᠣᠮᠠᠷᠠᠳᠤ ᠶᠢᠨ ᠮᠤᠷᠢᠳᠤ ᠦᠨᠳᠦᠰᠦᠳᠠᠨ ᠡᠮᠦᠨᠡᠰᠢ ᠴᠡᠷᠢᠭᠯᠡᠵᠤ᠂ ᠮᠢᠩ ᠣᠯᠤᠰ ᠮᠥᠭᠦᠵᠤ᠂ ᠴᠢᠩ ᠣᠯᠤᠰ ᠪᠠᠢ᠌ᠭᠤᠯᠤᠭᠳᠠᠪᠠ᠃ ᠪᠠᠷᠤᠭ ᠠᠳᠠᠯᠢ ᠴᠠᠭ ᠦᠶ᠎ᠡ ᠳᠤ ᠦᠷᠤᠨᠠᠳᠠᠭᠢᠨ ᠳᠤ 1640 ᠣᠨ ᠳᠤ ᠠᠩᠭ᠍ᠯᠢ ᠳᠤ ᠭᠦᠷᠦᠩᠭᠡᠳᠡᠨ ᠠᠩᠭᠢ ᠶᠢᠨ ᠬᠤᠪᠢᠰᠬᠠᠯ ᠡᠭᠦᠰᠴᠤ ᠦᠨᠳᠦᠰᠦᠨ ᠬᠠᠤᠯᠢᠳᠤ ᠡᠵᠡᠡᠳᠤ ᠶᠤᠰᠤᠨ ᠤ ᠪᠠᠢ᠌ᠭᠤᠯᠤᠯ ᠪᠠᠢ᠌ᠭᠤᠯᠤᠭᠳᠠᠪᠠ᠃ (ᠣᠯᠠᠨ ᠵᠠᠭᠤᠴᠢᠳᠤ ᠪᠠᠷ ᠥᠵᠡᠭᠦᠯᠦᠨ᠎ᠡ)
② ᠭᠦᠳᠦᠯᠦᠮᠵᠢ ᠪᠠᠷ ᠵᠢᠯᠤᠭᠤᠳᠴᠤ᠂ ᠪᠠᠶ᠎ᠠ ᠪᠠᠨ ᠳᠠᠭᠠᠭᠠᠨ ᠰᠤᠷᠤᠯᠴᠠᠬᠤ᠄ 学案引领,自主探究 ᠭᠢᠴᠢᠶᠠᠯ ᠤᠨ ᠠᠭᠤᠯᠭ᠎ᠠ ᠶᠢ ᠣᠩᠰᠢᠭᠰᠠᠨ ᠲᠡᠶ ᠪᠠᠨ ᠣᠶᠠᠯᠳᠤᠭᠤᠯᠤᠨ ᠳᠤᠤᠷᠠᠭᠢ ᠭᠦᠰᠦᠨᠦᠭ᠌ ᠢ ᠳᠠᠭᠯᠠᠭᠠᠷᠠᠢ᠃
ᠲ᠋ᠤᠮᠳᠠᠳᠤ ᠡᠡᠩᠭ᠍ᠯᠢ
ᠶᠡᠷᠦᠩᠭᠡᠢ ᠪᠠᠢ᠌ᠳᠠᠯ
ᠭᠢᠮᠤᠷᠠᠯ ᠳᠡᠭ᠍ᠳᠡᠪᠡ᠃
ᠳᠡᠭᠡᠳᠤ ᠬᠤᠷᠳᠤᠴᠠ ᠪᠠᠷ ᠭᠦᠭ᠍ᠵᠢᠪᠡ᠃
ᠪᠣᠳᠠᠳᠠᠢ ᠢᠯᠠᠷᠠᠯ
ᠠᠵᠤ ᠠᠬᠤᠢ᠄
ᠣᠯᠤᠰ ᠳᠦᠷᠤ᠄
ᠴᠡᠷᠡᠭ᠌ ᠳᠠᠢ᠌ᠨ᠄
ᠭᠠᠳᠠᠭᠠᠳᠤ ᠬᠠᠷᠢᠴᠠᠭ᠎ᠠ᠄
ᠦᠵᠡᠯ ᠰᠠᠨᠠᠭ᠎ᠠ᠄
③ ᠬᠠᠪᠰᠤᠷᠤᠯᠴᠠᠨ ᠰᠤᠳᠤᠯᠵᠤ᠂ ᠳᠡᠯᠭᠡᠨ ᠥᠵᠡᠭᠦᠯᠭᠦ᠄ 合作探究、交流展示 ᠭᠢᠴᠢᠶᠠᠯ ᠤᠨ ᠪᠢᠴᠢᠭ᠌ ᠤᠨ 77 ᠳ᠋ᠤᠭᠠᠷ ᠨᠢᠭᠤᠷ ᠤᠨ ᠮᠠᠲ᠋ᠸᠷᠢᠶᠠᠯ ᠢ ᠣᠩᠰᠢᠵᠤ᠂ ᠳᠤᠤᠷᠠᠭᠢ ᠠᠰᠠᠭᠤᠳᠠᠯ ᠢ ᠪᠣᠳᠤᠯᠭᠢᠯᠠᠵᠤ ᠦᠵᠡ᠄
A ᠠᠩᠭ᠍ᠯᠢ ᠶᠠᠭᠤᠨ ᠳᠤ ᠳᠤᠮᠳᠠᠳᠤ ᠣᠯᠤᠰ ᠲᠤ ᠬᠠᠷ᠎ᠠ ᠳᠠᠮᠠᠭᠢ ᠪᠣᠷᠤᠯᠠᠭᠤᠯᠤᠭᠰᠠᠨ ᠪᠣᠢ ︖
B ᠬᠠᠷ᠎ᠠ ᠳᠠᠮᠠᠭᠢ ᠶᠢ ᠪᠣᠷᠤᠯᠠᠭᠤᠯᠤᠭᠰᠠᠨ ᠨᠢ ᠳᠤᠮᠳᠠᠳᠤ ᠣᠯᠤᠰ ᠲᠤ ᠶᠠᠮᠠᠷ ᠮᠠᠭᠤ ᠨᠥᠯᠦᠭᠡ ᠭᠠᠷᠭᠠᠭᠰᠠᠨ ᠪᠣᠢ ︖
C ᠬᠠᠷ᠎ᠠ ᠳᠠᠮᠠᠭᠢ ᠶᠢᠨ ᠪᠠᠢ᠌ᠳᠠᠯ ᠳᠤ ᠴᠢᠭᠯᠡᠭᠦᠯᠤᠨ ᠴᠢᠩ ᠣᠯᠤᠰ ᠤᠨ ᠵᠠᠰᠠᠭ ᠤᠨ ᠣᠷᠳᠤᠨ ᠶᠠᠮᠠᠷ ᠣᠪᠣᠷ ᠢ ᠠᠪᠣᠭᠰᠠᠨ ᠪᠣᠢ ︖
D ᠬᠤᠮᠧᠨ ᠳᠤ ᠬᠠᠷ᠎ᠠ ᠳᠠᠮᠠᠭᠢ ᠶᠢ ᠬᠠᠢ᠌ᠯᠠᠭᠤᠯᠤᠭᠰᠠᠨ ᠨᠢ ᠶᠠᠮᠠᠷ ᠠᠴᠢ ᠬᠤᠯᠪᠣᠭᠳᠠᠯ ᠲᠡᠶ ᠪᠣᠢ ︖
④ ᠳᠤᠭᠣᠢ᠌ᠯᠠᠩ ᠬᠤᠪᠢᠶᠠᠨ ᠰᠤᠳᠤᠯᠤᠨ ᠶᠠᠷᠢᠯᠴᠠᠬᠤ᠄ 小组合作 ,当堂训练
ᠭᠢᠴᠢᠶᠠᠯ ᠤᠨ ᠪᠢᠴᠢᠭ᠌ ᠤᠨ 78 ᠪᠠ 79 ᠳ᠋ᠤᠭᠡᠷ ᠨᠢᠭᠤᠷ ᠤᠨ ᠮᠠᠲ᠋ᠸᠷᠢᠶᠠᠯ ᠢ ᠣᠩᠰᠢᠵᠤ᠂ ᠳᠤᠤᠷᠠᠭᠢ ᠠᠰᠠᠭᠤᠳᠠᠯ ᠢ ᠳᠤᠭᠣᠢ᠌ᠯᠠᠩ ᠬᠤᠪᠢᠶᠠᠨ ᠶᠠᠷᠢᠯᠴᠠᠨ ᠰᠤᠳᠤᠯᠵᠤ ᠦᠵᠡ᠄
A ᠭᠡᠷᠪᠡ ᠯᠢᠨ ᠽᠧ ᠰᠢᠤᠢ ᠬᠠᠷ᠎ᠠ ᠳᠠᠮᠠᠭᠢ ᠶᠢ ᠴᠠᠭᠠᠵᠠᠯᠠᠭᠰᠠᠨ ᠦᠭᠡᠶ ᠪᠣᠯ ᠬᠠᠷ᠎ᠠ ᠳᠠᠮᠠᠭᠢ ᠶᠢᠨ ᠳᠠᠢ᠌ᠨ ᠡᠭᠦᠰᠭᠦ ᠦᠭᠡᠶ ᠮᠦᠨ ᠦᠦ ︖ (ᠬᠠᠷ᠎ᠠ ᠳᠠᠮᠠᠭᠢ ᠶᠢᠨ ᠳᠠᠢ᠌ᠨ ᠤ ᠵᠠᠢ᠌ᠯᠠᠰᠢ ᠦᠭᠡᠶ ᠴᠢᠨᠠᠷ ᠢ ᠶᠠᠷᠢᠯᠴᠠᠨ᠎ᠠ᠃)
B ᠬᠠᠷ᠎ᠠ ᠳᠠᠮᠠᠭᠢ ᠶᠢᠨ ᠳᠠᠢ᠌ᠨ ᠤ ᠶᠡᠭᠡ ᠲᠦᠯᠤᠪ ᠶᠠᠪᠣᠴᠠ ᠨᠢ ᠶᠠᠮᠠᠷ ᠪᠣᠢ ︖ ᠳᠤᠮᠳᠠᠳᠤ ᠣᠯᠤᠰ ᠶᠠᠮᠠᠷ ᠶᠠᠮᠠᠷ ᠡᠷᠭᠡ ᠮᠠᠳᠠᠯ ᠶᠢᠡᠨ ᠠᠯᠳᠠᠭᠰᠠᠨ ᠪᠣᠢ ︖ (ᠵᠠᠩᠭᠢᠯᠭ᠎ᠠ ᠶᠢᠨ ᠥᠭᠡ᠄ 《ᠨᠠᠠᠵᠢᠩ ᠤᠨ ᠭᠡᠷ᠎ᠡ》᠂ 《ᠪᠠᠭᠡᠵᠢᠩ ᠤᠨ ᠭᠡᠷ᠎ᠡ》᠂ 《ᠳᠢᠶᠠᠠᠵᠢᠨ ᠤ ᠭᠡᠷ᠎ᠡ》)
C ᠬᠤᠶᠠᠷ ᠣᠳᠠᠭᠠᠨ ᠤ ᠬᠠᠷ᠎ᠠ ᠳᠠᠮᠠᠭᠢ ᠶᠢᠨ ᠳᠠᠢ᠌ᠨ ᠳᠤᠮᠳᠠᠳᠤ ᠣᠯᠤᠰ ᠲᠤ ᠳᠤᠰᠪᠣᠷᠢ ᠶᠠᠮᠠᠷ ᠶᠠᠮᠠᠷ ᠨᠥᠯᠦᠭᠡ ᠥᠵᠡᠭᠦᠯᠦᠭ᠍ᠰᠡᠨ ᠪᠣᠢ ︖ (ᠵᠠᠩᠭᠢᠯᠭ᠎ᠠ ᠶᠢᠨ ᠥᠭᠡ᠄ ᠬᠠᠭᠠᠰ ᠺᠤᠯᠤᠨᠢ ᠬᠠᠭᠠᠰ ᠹᠧᠤᠳᠠᠯ᠂ ᠭᠦᠷᠦᠩᠭᠡᠳᠤ ᠶᠢᠷᠳᠢᠠᠴᠤ ᠶᠢᠨ ᠵᠠᠬ᠎ᠠ ᠳᠡᠯᠭᠡᠭᠦᠷ ᠵᠡᠷᠭᠡ)
⑤ ᠭᠤᠤᠯᠳᠠᠯᠭ᠎ᠠ ᠶᠢ ᠨᠢ ᠠᠳᠬᠤᠵᠤ᠂ ᠰᠡᠩᠭᠡᠷᠡᠭᠦᠯᠤᠨ ᠭᠦᠳᠦᠯᠭᠦ᠄ 启发引导、精讲点拨
ᠬᠤᠶᠠᠷ ᠣᠳᠠᠭᠠᠨ ᠤ ᠬᠠᠷ᠎ᠠ ᠳᠠᠮᠠᠭᠢ ᠶᠢᠨ ᠳᠠᠢ᠌ᠨ ᠢ ᠳᠤᠤᠷᠠᠭᠢ ᠭᠡᠳᠤᠨ ᠳᠠᠯ᠎ᠠ ᠪᠠᠷ ᠬᠠᠷᠢᠴᠠᠭᠤᠯᠤᠨ ᠠᠳᠠᠯᠢᠳᠬᠠᠵᠤ ᠦᠵᠡ᠄
ᠡᠭᠦᠰᠦᠭ᠍ᠰᠡᠨ ᠰᠢᠯᠳᠠᠭᠠᠨ᠄
ᠰᠢᠠᠵᠢ ᠴᠢᠨᠠᠷ᠄
ᠶᠠᠪᠣᠴᠠ᠄
ᠨᠥᠯᠦᠭᠡ᠄
⑥ ᠮᠡᠳᠡᠯᠭᠡ ᠶᠢᠨ ᠦᠷᠭᠡᠳᠭᠡᠯ ᠭᠢᠭᠦ᠄ 深化拓展
A ᠬᠠᠷ᠎ᠠ ᠳᠠᠮᠠᠭᠢ ᠶᠢᠨ ᠳᠠᠢ᠌ᠨ ᠳᠤᠮᠳᠠᠳᠤ ᠣᠯᠤᠰ ᠲᠤ ᠭᠦᠨ ᠭᠦᠡᠵᠡᠭᠡᠢ ᠬᠤᠤᠷ ᠭᠦᠨᠦᠭᠡᠯ ᠢ ᠠᠪᠴᠢᠷᠠᠵᠠᠢ᠃ ᠭᠡᠳᠡᠯ᠎ᠡ ᠵᠠᠭᠤ ᠭᠠᠷᠤᠢ ᠵᠢᠯ ᠤᠨ ᠳᠠᠷᠠᠭ᠎ᠠ ᠵᠠᠬ᠎ᠠ ᠳᠡᠯᠭᠡᠭᠦᠷ ᠳᠡᠭᠡᠷ᠎ᠡ ᠪᠠᠰᠠ ᠬᠠᠷ᠎ᠠ ᠳᠠᠮᠠᠭᠢ ᠵᠡᠷᠭᠡ ᠬᠤᠤᠷᠳᠤ ᠡᠳ᠋ ᠠᠷᠠᠯᠵᠢᠶᠠᠯᠠᠭᠰᠠᠨ ᠭᠦᠮᠦᠰ ᠪᠠᠢ᠌ᠨ᠎ᠠ᠃ ᠭᠡᠷᠭᠢᠨ ᠬᠤᠤᠷᠳᠤ ᠡᠳ᠋ ᠡᠴᠡ ᠬᠤᠯᠠ ᠵᠠᠢ᠌ᠳᠠᠢ ᠶᠠᠪᠣᠬᠤ ᠪᠣᠢ ︖
B ᠮᠠᠤ ᠽᠧ ᠳ᠋ᠦ᠋ᠩ ᠭᠡᠯᠡᠭ᠍ᠰᠡᠨ ᠨᠢ 《ᠬᠤᠴᠤᠷᠤᠩᠭ᠋ᠤᠢ ᠪᠣᠯ ᠭᠦᠮᠤᠨ ᠳᠤ ᠴᠤᠭᠢᠭᠳᠠᠨᠠ》᠃ ᠦᠪᠡᠷ ᠤᠨ ᠦᠨᠳᠦᠰᠦᠳᠠᠨ ᠤ ᠪᠠᠨ ᠪᠣᠳᠠᠳᠤ ᠪᠠᠢ᠌ᠳᠠᠯ ᠲᠡᠶ ᠣᠶᠠᠯᠳᠠᠭᠤᠯᠵᠤ᠂ ᠡᠨᠡᠭᠦ ᠶᠤᠰᠤ ᠣᠴᠢᠷ ᠤᠨ ᠵᠦᠪ ᠪᠣᠯᠬᠤ ᠶᠢ ᠪᠣᠳᠤᠯᠭᠢᠯᠠ᠃
2012 ᠣᠨ ᠤ ᠨᠠᠮᠤᠷ ᠤᠨ ᠰᠡᠭᠦᠯ ᠰᠠᠷ᠎ᠠ ᠡᠡᠯᠳᠡᠡᠰᠢᠷᠡᠭᠡᠳᠤ ᠳᠤᠷ ᠪᠢᠴᠢᠪᠠᠢ᠃
ᠵᠤᠬᠢᠶᠠᠭᠴᠢ ᠶᠢᠨ ᠬᠠᠶᠢᠭ ᠄ ᠡᠵᠡᠨ ᠬᠤᠷᠤᠭ᠎ᠠ ᠬᠤᠰᠢᠭᠤᠨ ᠤ ᠵᠢᠭᠠᠬᠤ ᠶᠢ ᠰᠤᠳᠤᠯᠬᠤ ᠭᠠᠵᠠᠷ
ᠵᠤᠬᠢᠶᠠᠭᠴᠢ᠄ ᠨᠠᠶᠠᠠᠳᠠᠯᠠᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠪᠠᠭᠰᠢ ᠶᠢᠨ ᠬᠠᠨᠢᠳᠠᠷᠤᠮ᠄ 2801
ᠴᠠᠭ᠄ 2012 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ