ᠨᠡᠪᠲᠡᠷᠡᠨ ᠤᠷᠤᠬᠤ
ᠮᠢᠨᠤ ᠬᠤᠷᠴᠢᠨ

ᠰᠡᠳᠭᠢᠯ ᠳᠤ ᠣᠶᠠᠩᠭ᠋ᠠᠷᠠᠬᠤ ᠦᠪᠣᠷᠵᠢᠯᠠᠭ᠎ᠠ

᠊᠊᠊᠊᠊᠊᠊᠊᠊᠊᠊᠊᠊᠊᠊ ᠠᠯᠳᠠᠨ ᠭᠢᠩᠭ᠋ᠠᠨ ᠤ ᠦᠪᠣᠷᠵᠢᠯᠠᠭ᠎ᠠ ᠶᠢᠨ ᠪᠢᠷ ᠤᠨ ᠴᠤᠭᠯᠠᠭᠠᠨ ᠳᠤ


ᠡᠭᠦᠯᠡᠨ ᠡᠴᠡ ᠳᠡᠭᠦᠵᠢᠯᠡᠭ᠍ᠳᠡᠭ᠍ᠰᠡᠨ ᠥᠩᠭᠡᠢ᠌ᠮ᠎ᠡ ᠬᠠᠳᠠ

ᠦᠨᠢ ᠬᠤᠯᠠ ᠶᠢ ᠪᠣᠳᠤᠭᠳᠠᠭᠤᠯᠤᠭᠰᠠᠨ ᠨᠢᠰᠭᠦ ᠴᠢᠯᠠᠭᠤ

ᠵᠠᠮ ᠤᠨ ᠪᠠᠷᠭᠡ ᠶᠢ ᠣᠴᠢᠷᠯᠠᠨ᠎ᠠ

ᠦᠨᠳᠦᠰᠦ ᠬᠤᠯᠪᠣᠭᠰᠠᠨ ᠰᠢᠭᠤᠢ ᠪᠣᠷᠭᠠᠰᠤ

ᠦᠷᠭᠦᠵᠤ ᠪᠣᠰᠬᠤ ᠬᠠᠷᠴᠠᠭᠠᠢ ᠱᠤᠩᠬᠤᠷ

ᠦᠯᠢᠭᠡᠷ ᠤᠨ ᠪᠠᠳᠠᠭ ᠢ ᠰᠠᠨᠠᠭᠳᠠᠭᠤᠯᠤᠨ᠎ᠠ

ᠭᠦᠷᠦᠶ᠎ᠡ ᠭᠡᠰᠡᠨ ᠰᠡᠳᠭᠢᠯ ᠤᠨ ᠣᠷᠭ᠎ᠠ

ᠠᠭᠤᠯᠠᠰ ᠢ ᠨᠢ ᠣᠷᠭᠠᠯᠠᠮ᠎ᠠ ᠭᠤᠭᠴᠤᠭᠠᠷᠠᠨ᠎ᠠ

ᠭᠦᠯᠭᠦᠵᠤ ᠶᠠᠪᠣᠭᠰᠠᠨ ᠠᠷᠠᠤᠨ ᠤᠨ ᠳᠠᠭᠤᠤ

ᠠᠶᠠᠨ ᠤ ᠬᠤᠯᠠ ᠳᠤ ᠰᠢᠭᠢᠷᠯᠢᠭ᠌ ᠠᠮᠳᠠᠭᠳᠠᠨ᠎ᠠ ᠡ ︕

ᠦᠪᠣᠷᠵᠢᠯᠠᠭ᠎ᠠ ᠳᠤ ᠠᠩᠬ᠎ᠠ ᠣᠳᠠᠭ᠎ᠠ ᠭᠦᠷᠦᠭ᠍ᠰᠡᠨ ᠶᠤᠮ

ᠥᠩᠰᠢᠭ᠌ ᠪᠠᠢ᠌ᠭᠠᠯᠢ ᠳ᠋ᠤᠨᠢ ᠣᠯᠠᠨ ᠣᠳᠠᠭ᠎ᠠ ᠬᠤᠷᠭᠤᠳᠠᠭᠰᠠᠨ ᠶᠤᠮ

ᠠᠯᠤᠰ ᠲᠤ ᠵᠢᠷᠪᠢᠯᠵᠡᠭᠦ ᠵᠡᠷᠭᠡᠯᠭᠡᠨ ᠢ ᠨᠢ

ᠵᠡᠭᠡᠷ᠎ᠡ ᠶᠢᠨ ᠰᠦᠷᠦᠭ᠌ ᠭᠡᠵᠤ ᠠᠠᠳᠠᠭᠤᠷᠠᠭᠰᠠᠨ ᠶᠤᠮ

ᠠᠳᠠᠷ ᠤᠨ ᠵᠡᠷᠯᠢᠭ᠌ ᠰᠠᠯᠭᠢ ᠶᠢ ᠨᠢ

ᠠᠳᠤᠭᠤᠨ ᠤ ᠳᠤᠭᠤᠰᠤ ᠭᠡᠵᠤ ᠡ᠊ᠨᠳᠡᠭᠦᠷᠡᠭ᠍ᠰᠡᠨ ᠶᠤᠮ

ᠠᠷᠯᠠᠨ ᠮᠢᠷᠠᠯᠵᠠᠬᠤ ᠣᠷᠤᠰᠬᠠᠯ ᠤᠨ ᠱᠤᠤᠭᠢᠶ᠎ᠠ ᠶᠢ ᠨᠢ

ᠬᠤᠭᠤᠷ ᠤᠨ ᠠᠶᠠᠰ ᠭᠡᠵᠤ ᠳᠠᠭᠠᠮᠠᠭᠯᠠᠭᠰᠠᠨ ᠶᠤᠮ

ᠠᠯᠠᠭᠯᠠᠨ ᠭᠠᠩᠬᠤᠬᠤ ᠴᠡᠴᠡᠭᠡᠰ ᠤᠨ ᠳᠡᠷᠪᠠᠭᠡᠨ ᠢ ᠨᠢ

ᠠᠠᠳᠠᠢ ᠪᠦᠵᠢᠭ᠌ ᠭᠡᠵᠤ ᠳᠦᠰᠦᠭᠡᠯᠡᠭ᠍ᠰᠡᠨ ᠶᠤᠮ

ᠠᠷᠠᠤᠨ ᠪᠦᠭᠦᠨ ᠨᠢ ᠳᠠᠭᠤᠯᠠᠵᠤ ᠴᠢᠳᠠᠬᠤ ᠪᠠᠷ ᠨᠢ

ᠵᠡᠭᠦᠳᠤ ᠴᠤ ᠶᠤᠮ ᠦᠦ ᠭᠡᠵᠤ ᠰᠡᠵᠢᠭᠯᠡᠭ᠍ᠰᠡᠨ ᠶᠤᠮ

ᠠᠶᠠᠯᠭᠤ ᠪᠦᠷᠢ ᠨᠢ ᠪᠣᠰᠤᠭ᠎ᠠ ᠪᠠᠢ᠌ᠳᠠᠭ ᠶᠢᠡᠷ ᠨᠢ

ᠳᠤᠮᠤᠭ ᠴᠤ ᠶᠤᠮ ᠦᠦ ᠭᠡᠵᠤ ᠱᠠᠭᠰᠢᠷᠠᠭᠰᠠᠨ ᠶᠤᠮ

ᠣᠪᠣᠭᠠᠨ ᠳ᠋ᠤᠨᠢ ᠨᠡᠮᠡᠭ᠍ᠰᠡᠨ ᠭᠤᠷᠪᠠᠨ ᠴᠢᠯᠠᠭᠤ ᠪᠠᠨ

ᠰᠤᠶᠤᠯ ᠶᠢᠡᠨ ᠭᠡᠵᠤ ᠡᠷᠭᠦᠭ᠍ᠰᠡᠨ ᠶᠤᠮ

ᠣᠩᠭ᠋ᠤᠨ ᠳᠦᠷᠭᠦ ᠲᠡᠶ ᠮᠤᠩᠭ᠋ᠤᠯ ᠪᠠᠢ᠌ᠭᠠᠯᠢ ᠶᠢ ᠨᠢ

ᠮᠥᠩᠭᠡᠵᠢᠭ᠌ ᠭᠡᠮᠡᠨ ᠳᠠᠭᠠᠳᠬᠠᠭᠰᠠᠨ ᠶᠤᠮ

ᠠᠯᠤᠰ ᠲᠤ ᠰᠥᠮᠪᠦᠷᠯᠡᠭᠦ ᠣᠪᠣᠭᠠᠨ ᠳ᠋ᠤᠨᠢ

ᠰᠡᠳᠭᠢᠯ ᠭᠦᠡᠳᠦᠭᠡᠨ ᠴᠢᠯᠠᠭᠤᠵᠢᠨ᠎ᠠ

ᠠᠮᠠᠷᠠᠭ ᠨᠤᠳᠤᠭ ᠦᠪᠣᠷᠵᠢᠯᠠᠭ᠎ᠠ

ᠰᠠᠨᠠᠭᠠᠨ ᠤ ᠥᠵᠦᠭᠦᠷ ᠣᠶᠠᠩᠭ᠋ᠠᠷᠠᠨ᠎ᠠ ︕


ᠮᠢᠨᠤ ᠬᠤᠷᠴᠢᠨ


ᠵᠠᠭᠤ ᠵᠠᠭᠤᠨ ᠤ ᠳᠤᠭᠤᠰᠤᠨ ᠳᠤ

ᠵᠤᠯᠠᠢ ᠨᠢ ᠲᠤᠭᠤᠰᠤᠷᠠᠵᠤ ᠊ᠭ᠍‍ᠭᠢᠷᠳᠦᠳᠡᠭ᠌ ᠦᠭᠡᠶ

ᠵᠠᠯᠢ ᠪᠠᠰᠢᠷ ᠤᠨ ᠮᠠᠨᠠᠨ ᠳᠤ

ᠵᠠᠩ ᠶᠢᠡᠨ ᠳᠦᠭᠡᠷᠢᠭᠦᠯᠵᠤ ᠥᠳᠡᠯᠳᠡᠭ᠌ ᠦᠭᠡᠶ

ᠬᠠᠨ ᠳᠡᠭ᠍ᠷᠢ ᠶᠢᠨ ᠳᠦᠰᠢᠯᠭᠡ ᠳᠤ

ᠳᠠᠪᠢᠯᠠᠩ ᠵᠠᠶᠠᠭ᠎ᠠ ᠳᠤᠭᠳᠠᠭᠰᠠᠨ

ᠬᠠᠰᠠᠷ ᠤᠨ ᠮᠦᠰᠤ ᠲᠡᠶ ᠭᠦᠳᠡᠯᠮᠦᠷᠢ ᠪᠠᠷ

ᠭᠦᠰᠡᠯ ᠶᠢᠡᠨ ᠱᠤᠭᠤᠬᠤ ᠮᠢᠨᠤ ᠬᠤᠷᠴᠢᠨ

ᠶᠠᠰᠤ ᠴᠢᠰᠤ ᠪᠠᠨ ᠳᠡᠭᠡᠳᠦᠯᠡᠭᠦ

ᠣᠬᠠᠭᠠᠠᠳᠤ ᠪᠣᠷᠤᠭᠵᠢᠭᠤᠨ ᠦᠨᠳᠦᠰᠦᠳᠠᠨ ᠲᠡᠶ

ᠵᠠᠶᠠᠭ᠎ᠠ ᠵᠠᠶᠠᠭ᠎ᠠ ᠪᠠᠨ ᠳᠦᠰᠢᠯᠴᠡᠭ᠍ᠰᠡᠨ

ᠵᠠᠩ ᠨᠢ ᠰᠠᠢ᠌ᠬᠠᠨ ᠭᠦᠮᠤᠨ ᠠᠷᠠᠤᠨ ᠲᠡᠶ

ᠣᠷᠳᠤ ᠶᠢᠨ ᠳᠠᠭᠤᠤ ᠶᠢᠨ ᠠᠶ᠎ᠠ ᠪᠠᠨ ᠰᠢᠭ

ᠣᠳᠤᠮ ᠤᠨ ᠦᠷᠭᠦᠢ ᠳᠡᠦᠭᠡ ᠲᠡᠶ

ᠣᠠᠳᠤᠷᠤᠭ᠎ᠠ ᠱᠠᠩᠳᠠ ᠶᠢᠨ ᠪᠣᠷᠭᠢᠶ᠎ᠠ ᠰᠢᠭ ᠶᠢᠡᠨ

ᠥᠭ᠍‍ᠭᠢᠶᠡᠮᠦᠷᠢᠴᠢ ᠪᠣᠶᠠᠠᠰᠠᠭ ᠠᠮᠢᠳᠤᠷᠠᠯ ᠲᠡᠶ

ᠬᠠᠷᠠᠴᠠ ᠪᠠᠨ ᠬᠤᠯᠠ ᠳᠠᠯᠪᠢ ᠭᠡᠰᠡᠨ ᠰᠢᠭ᠌

ᠬᠠᠨᠠᠭᠠᠷ ᠳᠠᠯ᠎ᠠ ᠨᠢ ᠡᠮᠵᠢᠶᠡᠷᠢ ᠦᠭᠡᠶ ᠳᠡᠨᠢᠭᠡᠷ

ᠬᠠᠳᠠᠭᠤᠬᠠᠨ ᠬᠤᠷᠸ᠎ᠠ ᠳᠤ ᠵᠦᠪ ᠶᠠᠪᠣᠬᠤ ᠶᠢ ᠣᠴᠢᠷᠯᠠᠨ

ᠬᠠᠢ᠌ᠷ᠎ᠠ ᠶᠢᠨ ᠬᠤᠴᠢᠯᠭᠠᠳᠠᠢ ᠭᠦᠷᠦᠰᠤ ᠨᠢ ᠳᠠᠯᠬ᠎ᠠ ᠵᠥᠭᠡᠯᠡᠨ

ᠬᠤᠭᠤᠯᠠᠢ ᠪᠠᠨ ᠭᠠᠢ᠌ᠬᠠᠭᠤᠯᠵᠤ ᠮᠥᠩᠭᠡᠷᠡ ᠭᠡᠭᠦ ᠰᠢᠤᠬᠠᠨ

ᠬᠤᠷᠮᠤᠰᠳᠠ ᠰᠢᠪᠦᠭᠡᠯᠡᠭ᠍ᠰᠡᠨ ᠰᠠᠷᠢᠳᠠᠭ ᠤᠳ ᠨᠢ ᠣᠩᠭ᠋ᠤᠨ ᠶᠢᠡᠷ ᠶᠢᠡᠨ

ᠬᠠᠢ᠌ᠷ᠎ᠠ ᠪᠠᠨ ᠰᠤᠯᠢᠵᠤ ᠠᠮᠢᠳᠤᠷᠠᠬᠤ ᠶᠢ ᠵᠢᠭᠠᠬᠤ ᠰᠢᠭ

ᠭᠦᠪᠴᠢ ᠳᠠᠢ᠌ᠭ᠎ᠠ ᠨᠢ ᠬᠠᠷᠢᠭᠤ ᠪᠣᠴᠠᠨ ᠴᠤᠤᠷᠢᠶᠠᠯᠠᠳᠠᠭ

᠊ᠭ᠍‍ᠬᠢᠷ ᠦᠭᠡᠶ ᠨᠠᠷ᠎ᠠ ᠪᠠᠨ ᠴᠡᠪᠠᠷᠭᠡᠨ ᠪᠢᠴᠢᠭᠦ ᠶᠢ ᠭᠡᠯᠡᠭᠦ ᠰᠢᠭ᠌

ᠭᠦᠭᠡ ᠳᠡᠭ᠍ᠷᠢ ᠨᠢ ᠴᠠᠭᠠᠨ ᠡᠭᠦᠯᠡᠨ ᠭᠡ ᠲᠡᠶ

《ᠨᠤᠭᠤᠠᠵᠢᠶᠠᠭ᠎ᠠ》 ᠪᠠᠨ ᠰᠢᠭ

ᠣᠢ᠌ᠤᠠᠬᠠᠷ ᠤᠨ ᠬᠠᠳᠠᠭᠤ ᠬᠠᠪᠣᠷ ᠲᠡᠶ ᠴᠤ

ᠵᠤᠯ ᠤᠨ ᠵᠠᠶᠠᠭ᠎ᠠ ᠮᠥᠩᠭᠡᠷᠡᠭ᠍ᠰᠡᠨ

ᠭᠦᠭ᠍ᠵᠢᠯ ᠤᠨ ᠳᠡᠯᠭᠡᠷ ᠵᠤᠨ ᠲᠡᠶ

ᠵᠤᠪᠠᠯ ᠪᠠ ᠵᠢᠷᠭᠠᠯ ᠳᠤ

ᠳᠠᠪᠳᠠᠵᠤ ᠪᠣᠷᠤᠭᠰᠢᠭᠰᠠᠨ ᠭᠠᠯᠪᠢᠷ ᠲᠡᠶ

ᠵᠤᠷᠢᠭ ᠪᠠ ᠳᠠᠮᠢᠷ ᠶᠢᠡᠷ

ᠪᠦᠭᠦᠨ ᠢ ᠳᠠᠪᠠᠬᠤ ᠵᠤᠯᠪᠣᠭ᠎ᠠ ᠲᠡᠶ

ᠡᠷ᠎ᠡ ᠬᠠᠳᠠᠭᠤ ᠪᠣᠢ᠌ᠵᠢᠬᠤ ᠶᠢᠨ ᠣᠳᠤᠳᠠᠢ ᠡᠴᠡ

ᠡᠷᠪᠠᠢ ᠦᠷᠠᠰ ᠨᠢ ᠳᠠᠯ᠎ᠠ ᠶᠢᠨ ᠶᠢᠡᠨ ᠰᠠᠢ᠌ᠷ ᠳᠡᠭᠡᠷ᠎ᠡ ᠳᠤᠷᠨᠢᠳᠠᠭ

ᠡᠴᠢᠭᠡ ᠰᠢᠷᠦᠭᠦᠨ ᠠᠮᠢᠳᠤᠷᠠᠬᠤ ᠯᠠ ᠠᠭᠠᠰᠢ ᠲᠡᠶ ᠡᠴᠡ

ᠡᠷ᠎ᠡ ᠪᠣᠯᠭᠠᠨ ᠨᠢ ᠥᠭᠡ ᠪᠠᠨ ᠬᠠᠳᠠᠭᠤᠬᠠᠨ ᠴᠢᠯᠠᠭᠤᠳᠠᠳᠠᠭ

ᠳᠠᠷᠤᠯᠠᠯ ᠶᠢᠡᠨ ᠰᠢᠳᠡᠭᠦ ᠪᠣᠰᠤᠯᠭᠠᠨ ᠳ᠋ᠤᠨᠢ

ᠳᠡᠯᠡᠭᠡᠢ ᠳᠠᠢ᠌ᠪᠠᠵᠤ ᠭᠦᠳᠡᠯᠳᠡᠭ᠌

ᠵᠢᠷᠭᠠᠯ ᠳ᠋ᠭᠠᠨ ᠬᠠᠨᠠᠢ᠌ᠬᠤ ᠵᠠᠪᠢᠯᠭᠠᠨ ᠳ᠋ᠤᠨᠢ

ᠰᠦᠨᠢ ᠨᠢ ᠣᠷᠳᠤᠰᠴᠤ ᠰᠠᠷᠠᠭᠤᠯᠵᠢᠳᠠᠭ

ᠮᠢᠨᠤ ᠬᠤᠷᠴᠢᠨ

ᠭᠦᠯ ᠳᠤ ᠣᠷᠤᠬᠤ ᠭᠡᠳ ᠡᠮᠪᠦᠷᠢᠵᠤ ᠣᠨᠠᠭᠠᠤᠨ

ᠭᠦᠷᠦᠰᠤ ᠶᠢ ᠴᠢᠨᠢ ᠵᠤᠯᠭᠠᠭᠠᠬᠤ ᠳᠡᠩᠭᠡᠭᠡ ᠦᠭᠡᠶ ᠯᠠ ᠴᠠᠭ ᠡᠴᠡ

ᠭᠦᠮᠤᠨ ᠰᠢᠭ᠌ ᠡᠷᠪᠠᠢ᠌ᠵᠤ ᠶᠠᠪᠣᠶ᠎ᠠ ᠭᠡᠵᠤ

ᠭᠦᠰᠡᠯ ᠣᠷᠭᠤᠬᠤ ᠳᠠᠷᠠ ᠦᠶ᠎ᠡ ᠡᠴᠡ

ᠨᠠᠷ᠎ᠠ ᠪᠦᠭᠦᠨ ᠤ ᠳᠡᠭᠡᠷ᠎ᠡ ᠬᠠᠰᠠᠷ ᠭᠡᠵᠤ ᠵᠢᠷᠤᠭᠠᠤᠨ

ᠬᠠᠢ᠌ᠷ᠎ᠠ ᠪᠦᠭᠦᠨ ᠤ ᠪᠠᠨ ᠳᠡᠭᠡᠷ᠎ᠡ ᠬᠤᠷᠴᠢᠨ ᠭᠡᠵᠤ ᠳᠡᠭᠡᠵᠢᠯᠡᠭ᠍ᠰᠡᠨ ᠶᠤᠮ ᠪᠢ

ᠰᠢᠯᠦᠭ᠍ᠴᠢ ᠪᠣᠯᠤᠶ᠎ᠠ ᠬᠤᠪᠳᠤᠭᠬᠠᠨ ᠨᠡᠭᠡᠯ ᠳᠠᠯᠪᠢᠵᠤ

ᠰᠢᠯᠢ ᠴᠠᠢ᠌ᠳᠠᠮ ᠦᠭᠡᠶ ᠰᠠᠳᠤᠪ ᠡᠷᠢᠵᠤ ᠪᠣᠳᠤᠯᠢᠭᠰᠠᠨ ᠶᠤᠮ ᠪᠢ

ᠰᠢᠷᠭᠢᠰᠢ ᠦᠭᠡᠶ ᠪᠣᠯᠠᠭ ᠤᠨ ᠣᠷᠭᠢᠯᠤᠭᠠᠨ ᠲᠡᠶ ᠬᠠᠢ᠌ᠷ᠎ᠠ ᠶᠢ ᠴᠢᠨᠢ

ᠱᠤᠭᠤᠵᠤ ᠯᠠ ᠴᠢᠳᠠᠭ᠎ᠠ ᠦᠭᠡᠶ ᠪᠢᠷ ᠶᠢᠡᠨ ᠮᠤᠬᠤᠭᠠᠵᠤ ᠭᠠᠰᠠᠯᠤᠭᠰᠠᠨ ᠶᠤᠮ ᠪᠢ

ᠡᠷᠭᠢᠯᠳᠦᠭᠡᠳ ᠳᠤᠨᠤᠷᠠᠬᠤ ᠨᠠᠭᠤᠷ ᠤᠨ ᠴᠡᠩᠭᠡᠷ ᠳᠤᠯᠭᠢᠶᠠᠨ ᠢ ᠴᠢᠨᠢ

ᠬᠠᠷᠠᠨ ᠬᠠᠷᠠᠭᠰᠠᠭᠠᠷ ᠪᠢ ᠣᠶᠠᠷᠠᠮᠠᠳᠠᠭᠠᠢ ᠪᠣᠯᠤᠭᠰᠠᠨ

ᠡᠭᠡᠨᠡᠭ᠍ᠰᠢᠭᠡᠳ ᠴᠡᠷᠪᠠᠭᠦ ᠬᠤᠨ ᠤ ᠨᠤᠷᠭᠢᠶᠠᠨ ᠢ ᠴᠢᠨᠢ

ᠴᠢᠩᠨᠠᠨ ᠴᠢᠩᠨᠠᠭᠰᠠᠭᠠᠷ ᠪᠢ ᠨᠤᠳᠤᠭᠴᠢ ᠪᠣᠯᠤᠭᠰᠠᠨ

ᠡᠷᠴᠢᠯᠡᠨ ᠵᠠᠩᠭᠢᠷᠠᠬᠤ ᠠᠭᠤᠯᠠᠰ ᠤᠨ ᠴᠢᠨᠢ ᠣᠷᠤᠢ ᠶᠢ

ᠪᠠᠷᠠᠯᠠᠨ ᠪᠠᠷᠠᠯᠠᠭᠰᠠᠭᠠᠷ ᠪᠢ ᠮᠦᠰᠤ ᠲᠡᠶ ᠪᠣᠯᠤᠭᠰᠠᠨ

ᠵᠡᠷᠭᠡᠯᠭᠡᠨ ᠳᠤᠭᠯᠠᠬᠤ ᠳᠠᠯ᠎ᠠ ᠶᠢᠨ ᠴᠢᠨᠢ ᠥᠵᠦᠭᠦᠷ ᠢ

ᠵᠡᠭᠦᠳᠦᠯᠡᠨ ᠵᠡᠭᠦᠳᠦᠯᠡᠭ᠍ᠰᠡᠭᠡᠷ ᠪᠢ ᠭᠦᠰᠡᠯᠡᠩ ᠲᠡᠶ ᠪᠣᠯᠤᠭᠰᠠᠨ

ᠮᠢᠨᠤ ᠬᠤᠷᠴᠢᠨ

ᠡᠷᠪᠠᠭᠡᠢ ᠳᠡᠷᠪᠠᠭᠦ ᠳᠠᠯ᠎ᠠ ᠨᠢ ᠨᠤᠭᠤᠭᠠᠨ ᠶᠢᠡᠷ ᠶᠢᠡᠨ

ᠮᠢᠨᠤ ᠬᠤᠷᠴᠢᠨ ᠵᠢᠰᠤ ᠪᠠᠷ ᠭᠡᠵᠢᠶᠡᠳᠡ ᠭᠤᠠᠳᠠᠬᠤ ᠦᠭᠡᠶ

ᠡᠮᠨᠢᠭ᠍ᠴᠢᠨ ᠰᠤᠷᠢᠬᠤ ᠠᠳᠤᠭᠤᠳ ᠨᠢ ᠰᠦᠷᠦᠭ᠌ ᠶᠢᠡᠷ ᠶᠢᠡᠨ

ᠮᠢᠨᠤ ᠬᠤᠷᠴᠢᠨ ᠰᠤᠶᠤᠯ ᠶᠢᠡᠷ ᠭᠡᠵᠢᠶᠡᠳᠡ ᠭᠠᠵᠠᠷᠳᠠᠬᠤ ᠦᠭᠡᠶ

ᠨᠠᠷᠠ ᠪᠠᠨ ᠳᠤᠰᠤᠭᠰᠠᠨ ᠠᠭᠢ ᠶᠢᠨ ᠨᠢᠳᠦᠯᠡᠭᠡ ᠲᠡᠶ

ᠮᠢᠨᠤ ᠬᠤᠷᠴᠢᠨ ᠳᠤ ᠮᠠᠯᠴᠢᠨ ᠣᠳᠤᠮ ᠳᠠᠰᠤᠷᠠᠬᠤ ᠦᠭᠡᠶ

ᠨᠠᠪᠴᠢᠨ ᠰᠢᠭᠦᠳᠡᠷᠢ ᠦᠷᠭᠦᠭᠡᠭᠦ ᠰᠦᠷᠦᠭ᠌ ᠤᠨ ᠱᠤᠤᠭᠢᠶ᠎ᠠ ᠲᠡᠶ

ᠮᠢᠨᠤ ᠬᠤᠷᠴᠢᠨ ᠳᠤ ᠬᠠᠰᠠᠷ ᠤᠨ ᠪᠣᠳᠤᠭ ᠠᠷᠢᠯᠬᠤ ᠦᠭᠡᠶ

ᠳᠦᠰᠢᠯᠭᠡ ᠠᠮᠤᠷᠬᠠᠨ ᠭᠢᠩᠭ᠋ᠠᠨ ᠤ ᠣᠩᠭ᠋ᠤᠨ ᠳᠦᠷᠢᠯᠭᠡ ᠪᠠᠷ

ᠨᠠᠴᠢᠨ ᠳᠠᠰ ᠤᠨ ᠢᠰᠭᠢᠷᠤᠯᠳᠠ ᠭᠡᠵᠢᠶᠡᠳᠡ ᠣᠮᠤᠷᠬᠠᠭ

ᠨᠠᠷᠠ ᠬᠤᠷ᠎ᠠ ᠲᠡᠶ ᠪᠠᠢ᠌ᠭᠠᠯᠢ ᠶᠢᠨ ᠳᠠᠷᠬᠠᠨ ᠵᠢᠰᠤ ᠪᠠᠷ ᠶᠢᠡᠨ

ᠨᠠᠷᠮᠠᠢ ᠬᠤᠷᠴᠢᠨ ᠤ ᠭᠤᠯᠤᠮᠳᠠ ᠶᠢᠨ ᠵᠤᠯᠠᠢ ᠳᠤᠰᠤᠷᠬᠠᠭ

ᠵᠠᠭᠤ ᠵᠠᠭᠤᠨ ᠤ ᠳᠤᠭᠤᠰᠤᠨ ᠳᠤ

ᠵᠤᠯᠠᠢ ᠨᠢ ᠳᠤᠭᠤᠰᠤᠷᠠᠵᠤ ᠊ᠭ᠍‍ᠬᠢᠷᠳᠦᠳᠡᠭ᠌ ᠦᠭᠡᠶ

ᠵᠠᠯᠢ ᠪᠠᠰᠢᠷ ᠤᠨ ᠮᠠᠨᠠᠨ ᠳᠤ

ᠵᠠᠩ ᠶᠢᠡᠨ ᠳᠦᠭᠡᠷᠢᠭᠦᠯᠵᠤ ᠥᠳᠡᠯᠳᠡᠭ᠌ ᠦᠭᠡᠶ

ᠬᠠᠨ ᠳᠡᠭ᠍ᠷᠢ ᠶᠢᠨ ᠳᠦᠰᠢᠯᠭᠡ ᠳᠤ

ᠳᠠᠪᠢᠯᠠᠩ ᠵᠠᠶᠠᠭ᠎ᠠ ᠳᠤᠭᠳᠠᠭᠰᠠᠨ

ᠬᠠᠰᠠᠷ ᠤᠨ ᠮᠦᠰᠤ ᠲᠡᠶ ᠭᠦᠳᠡᠯᠮᠦᠷᠢ ᠪᠠᠷ

ᠭᠦᠰᠡᠯ ᠶᠢᠡᠨ ᠱᠤᠭᠤᠬᠤ

ᠮᠢᠨᠤ ᠬᠤᠷᠴᠢᠨ᠃


ᠵᠤᠬᠢᠶᠠᠭᠴᠢ ᠶᠢᠨ ᠬᠠᠶ‍ᠢᠭ᠄ ᠲᠦᠰᠢᠶᠠᠳᠤ ᠶᠢᠨ ᠭᠦᠡᠳᠦᠯ

ᠵᠤᠬᠢᠶᠠᠭᠴᠢ᠄ ᠳᠠᠪᠬᠤᠷᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2625
ᠴᠠᠭ᠄ 2010 ᠤᠨ ᠤ 07 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ