ᠨᠡᠪᠲᠡᠷᠡᠨ ᠤᠷᠤᠬᠤ
ᠪᠣᠯᠬᠤ ᠪᠠ ᠦᠯᠦ ᠪᠣᠯᠬᠤ

ᠦᠪᠡᠷ ᠶᠢᠡᠷ ᠥᠷᠦᠭᠡᠯ ᠢ ᠵᠤᠪᠠᠭᠠᠵᠤ ᠦᠯᠦ ᠪᠣᠯᠤᠨ᠎ᠠ

ᠥᠴᠦᠭᠡᠳᠦᠷ ᠶᠢᠡᠷ ᠦᠨᠦ ᠶᠢ ᠨᠥᠭᠦᠵᠤ ᠦᠯᠦ ᠪᠣᠯᠤᠨ᠎ᠠ

ᠵᠤᠭᠤᠰ ᠢ ᠵᠤᠷᠢᠭ ᠶᠢᠡᠷ ᠵᠠᠷᠤᠵᠤ ᠦᠯᠦ ᠪᠣᠯᠤᠨ᠎ᠠ

ᠵᠢᠷᠤᠮ ᠬᠠᠢ᠌ᠷ᠎ᠠ ᠶᠢ ᠵᠤᠭᠤᠰ ᠶᠢᠡᠷ ᠵᠤᠯᠢᠵᠤ ᠦᠯᠦ ᠪᠣᠯᠤᠨ᠎ᠠ᠃


ᠮᠠᠷᠭᠠᠰᠢ ᠶᠢᠨ ᠠᠵᠢᠯ ᠢ ᠦᠨᠦ ᠲᠦᠯᠦᠪᠯᠠᠵᠤ ᠪᠣᠯᠤᠨ᠎ᠠ

ᠮᠠᠳᠠᠭ ᠦᠭᠡᠶ ᠶᠠᠭ ᠪᠠᠳᠤᠯᠠᠵᠤ ᠦᠯᠦ ᠪᠣᠯᠤᠨ᠎ᠠ

ᠬᠠᠢ᠌ᠷᠠᠯᠠᠬᠤ ᠳᠠᠭᠠᠨ ᠬᠠᠷᠠᠮᠴᠢ ᠪᠠᠢ᠌ᠵᠤ ᠪᠣᠯᠤᠨ᠎ᠠ

ᠬᠠᠷᠢᠨ ᠳᠡᠭᠦᠨ ᠶᠢᠡᠨ ᠬᠠᠷᠠᠳᠠᠯ ᠪᠣᠯᠭᠠᠵᠤ ᠦᠯᠦ ᠪᠣᠯᠤᠨ᠎ᠠ᠃


ᠦᠪᠡᠷ ᠤᠨ ᠭᠡᠮ ᠢ ᠬᠤᠷᠢᠵᠤ ᠰᠤᠷᠴᠤ ᠪᠣᠯᠤᠨ᠎ᠠ

ᠦᠪᠡᠷ ᠤᠨ ᠠᠮᠢ ᠪᠠᠨ ᠬᠤᠤᠷᠳᠠᠭᠤᠯᠵᠤ ᠦᠯᠦ ᠪᠣᠯᠤᠨ᠎ᠠ

ᠴᠠᠭ ᠨᠡᠢ᠌ᠭᠡᠮ ᠳᠤ ᠠᠵᠢᠭᠴᠢ ᠰᠤᠷᠴᠤ ᠪᠣᠯᠤᠨ᠎ᠠ

ᠴᠢ ᠪᠢ ᠢᠯᠭᠠᠯ ᠦᠭᠡᠶ ᠰᠡᠵᠢᠭᠯᠡᠵᠤ ᠦᠯᠦ ᠪᠣᠯᠤᠨ᠎ᠠ᠃


ᠠᠭᠤᠷ ᠣᠴᠠᠭᠠᠷ ᠭᠦᠷᠭᠦ ᠴᠠᠭ ᠪᠠᠢ᠌ᠵᠤ ᠪᠣᠯᠤᠨ᠎ᠠ

ᠣᠴᠢᠷ ᠦᠭᠡᠶ ᠪᠣᠰᠤᠳ ᠲᠤ ᠴᠢᠭᠯᠡᠭᠦᠯᠵᠤ ᠦᠯᠦ ᠪᠣᠯᠤᠨ᠎ᠠ

ᠪᠣᠰᠤᠳ ᠤᠨ ᠰᠠᠢ᠌ᠨ ᠢ ᠮᠠᠭᠳᠠᠨ ᠰᠤᠷᠴᠤ ᠪᠣᠯᠤᠨ᠎ᠠ

ᠪᠠᠷᠢᠨ ᠳᠤᠤᠷ᠎ᠠ ᠪᠠᠨ ᠠᠳᠠᠭ᠎ᠠ ᠭᠦᠷᠴᠤ ᠦᠯᠦ ᠪᠣᠯᠤᠨ᠎ᠠ᠃


ᠡᠳᠡᠭᠡᠷ ᠵᠣᠢ᠌ᠯ ᠢ ᠠᠩᠬᠠᠷᠬᠤ ᠶᠠᠪᠣᠶ᠎ᠠ

ᠡᠩᠬᠡ ᠪᠠᠶ᠎ᠠ ᠪᠠᠨ ᠬᠠᠮᠠᠭᠠᠯᠠᠵᠤ ᠦᠵᠡᠶ᠎ᠠ

ᠪᠠᠶ᠎ᠠ ᠳᠡᠭᠡᠨ ᠪᠢᠳᠡᠭᠡᠢ ᠵᠤᠪᠠᠭᠤᠷᠢ ᠡᠷᠢᠶ᠎ᠡ

ᠪᠢᠯᠢᠭ᠌ ᠣᠬᠠᠭᠠᠨ ᠶᠢᠡᠨ ᠨᠡᠭᠡᠭᠡᠭ᠍ᠳᠡᠭᠦᠯᠵᠤ ᠰᠤᠷᠤᠶ᠎ᠠ᠃


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠨ ᠮᠦᠷᠠᠨ ᠪᠠᠯᠭᠠᠰᠤ ᠶᠢᠨ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰᠡᠢ᠌ᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2643
ᠴᠠᠭ᠄ 2010 ᠤᠨ ᠤ 03 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ