ᠨᠡᠪᠲᠡᠷᠡᠨ ᠤᠷᠤᠬᠤ
ᠨᠤᠳᠤᠭ

ᠠᠪᠣ ᠪᠣᠯ

ᠣᠤᠭᠠᠯ ᠨᠤᠳᠤᠭ

ᠡᠵᠢ ᠪᠣᠯ

ᠡᠭᠦᠰᠦᠯ ᠨᠤᠳᠤᠭ

ᠠᠯᠳᠠ ᠪᠠᠶ᠎ᠠ ᠵᠢ

ᠪᠦᠳᠦᠭᠡᠭ᠍ᠰᠡᠨ

ᠠᠪᠣ ᠡᠵᠢ ᠪᠣᠯ

ᠠᠮᠢᠳᠤ ᠨᠤᠳᠤᠭ

ᠮᠤᠩᠭ᠋ᠤᠯ ᠭᠡᠷ

ᠳᠦᠷᠦᠭ᠍ᠰᠡᠨ ᠨᠤᠳᠤᠭ

ᠮᠤᠩᠭ᠋ᠤᠯ ᠣᠷᠤᠨ

ᠥᠰᠦᠭ᠍ᠰᠡᠨ ᠨᠤᠳᠤᠭ

ᠠᠮᠢ ᠨᠠᠰᠤ ᠶᠢ

ᠪᠦᠭᠡᠴᠡᠢ᠌ᠯᠡᠵᠤ

ᠠᠮᠢᠳᠤᠷᠠᠯ ᠠᠬᠤᠢ ᠶᠢ

ᠳᠦᠷᠡᠯᠵᠡᠭᠦᠯᠦᠭ᠍ᠰᠡᠨ

ᠠᠮᠢᠨ ᠰᠠᠭᠢᠶ᠎ᠠ ᠲᠡᠶ

ᠭᠠᠵᠠᠷ ᠰᠢᠷᠤᠢ

ᠭᠦᠯ ᠵᠠᠯᠭᠠᠭᠤᠯᠤᠭᠰᠠᠨ

ᠭᠦᠯᠦᠭ᠌ ᠮᠤᠷᠢ

ᠠᠶᠠᠨ ᠤ ᠨᠤᠳᠤᠭ

ᠭᠡᠯᠡ ᠶᠢ ᠰᠤᠷᠭᠠᠭᠰᠠᠨ

ᠭᠦᠡᠳᠦᠳᠤ ᠪᠠᠭᠰᠢ

ᠡᠷᠳᠡᠮ ᠤᠨ ᠨᠤᠳᠤᠭ

ᠨᠤᠳᠤᠭ ᠭᠡᠵᠤ

ᠣᠨᠤᠭ᠎ᠠ ᠶᠤᠮ

ᠨᠤᠳᠤᠭ ᠭᠡᠳᠡᠭ᠌

ᠪᠠᠭᠰᠢ ᠶᠤᠮ

ᠨᠤᠳᠤᠭ -

ᠬᠠᠷᠢ ᠳᠤ ᠮᠤᠷᠳᠠᠭᠰᠠᠨ ᠭᠡᠦᠭᠡᠨ ᠤ

ᠬᠣᠢ᠌ᠰᠢ ᠬᠠᠷᠠᠵᠤ

ᠣᠨᠠᠭᠠᠭᠰᠠᠨ ᠨᠢᠯᠪᠣᠰᠤ

ᠨᠤᠳᠤᠭ

ᠨᠡᠭᠦᠳᠡᠯ ᠤᠨ ᠰᠢᠪᠠᠭᠤᠳ ᠤᠨ

ᠠᠮᠠᠷᠠᠭᠠᠤᠨ ᠭᠠᠷᠤᠭᠰᠠᠨ

ᠬᠠᠯᠠᠭᠤᠨ ᠰᠢᠷᠤᠢ

ᠨᠤᠳᠤᠭ ᠭᠡᠵᠤ

ᠬᠠᠢ᠌ᠷ᠎ᠠ ᠶᠢᠨ

ᠨᠥᠭᠦᠭᠡ ᠨᠠᠷ᠎ᠠ

ᠬᠠᠢ᠌ᠷ᠎ᠠ ᠭᠡᠳᠡᠭ᠌

ᠨᠤᠳᠤᠭ ᠤᠨ

ᠪᠠᠭ᠎ᠠ ᠶᠢᠨ ᠨᠠᠷ᠎ᠠ

ᠨᠤᠳᠤᠭ

ᠳᠤᠷᠭᠤᠤᠠᠴᠤᠳ ᠤᠨ

ᠨᠡᠭᠦᠳᠡᠯ ᠤᠨ

ᠰᠢᠷ᠎ᠠ ᠳᠤᠭᠤᠰᠤ

ᠨᠤᠳᠤᠭ

ᠳᠤᠭᠤᠭᠠᠨ ᠳᠠᠮᠤᠷ ᠤᠨ

ᠭᠡᠮᠰᠢᠯ ᠤᠨ

ᠣᠬᠤᠷ ᠰᠢᠯᠦᠭ᠌

ᠨᠤᠳᠤᠭ ᠭᠡᠵᠤ

ᠳᠡᠦᠭᠡ ᠶᠢᠨ

ᠳᠤᠯᠭᠤᠷ ᠪᠢᠴᠢᠭ᠌

ᠳᠤᠤᠱᠤ ᠳᠠᠮᠠᠭ᠎ᠠ ᠲᠡᠶ

ᠲᠦᠮᠡᠨ ᠦᠶ᠎ᠡ

ᠣᠷᠤᠰᠢᠬᠤ ᠣᠷᠤᠨ

ᠨᠢᠭᠤᠴᠠ ᠳᠤᠪᠴᠢᠶᠠᠨ

ᠮᠤᠩᠭ᠋ᠤᠯ ᠳᠡᠦᠭᠡ ᠶᠢᠨ

ᠨᠤᠳᠤᠭ

ᠢᠷᠠᠭᠤ ᠨᠠᠢ᠌ᠷᠠᠭ

ᠮᠤᠩᠭ᠋ᠤᠯ ᠰᠢᠯᠦᠭ᠌ ᠤᠨ

ᠨᠤᠳᠤᠭ

ᠨᠤᠳᠤᠭ ᠭᠡᠵᠤ

ᠳᠡᠦᠭᠡ ᠶᠤᠮ

ᠨᠤᠳᠤᠭ ᠭᠡᠭ᠍ᠴᠢ

ᠰᠤᠶᠤᠯ ᠶᠤᠮ

ᠨᠤᠳᠤᠭ

ᠭᠠᠯᠠᠭᠤᠨ ᠵᠡᠯᠡᠯᠡᠭᠡ ᠡᠴᠡ

ᠳᠠᠰᠤᠷᠠᠵᠤ ᠣᠨᠠᠭᠰᠠᠨ

ᠳᠤᠯᠠᠭᠠᠨ ᠨᠠᠭᠤᠷ

ᠨᠤᠳᠤᠭ

ᠭᠠᠳᠠ ᠶᠢᠨ ᠳᠠᠭᠤᠤ ᠡᠴᠡ

ᠳᠠᠩᠭᠢᠨᠠᠵᠤ ᠣᠨᠠᠭᠰᠠᠨ

ᠳᠤᠯᠤᠭᠠᠨ ᠨᠤᠲ᠋ ᠶᠤᠮ


ᠵᠤᠬᠢᠶᠠᠭᠴᠢ ᠶᠢᠨ ᠬᠠᠶ‍ᠢᠭ᠄ ᠵᠠᠷᠤᠳ ᠬᠤᠰᠢᠭᠤ

ᠵᠤᠬᠢᠶᠠᠭᠴᠢ᠄ ᠬᠦᠬᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2621
ᠴᠠᠭ᠄ 2010 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ