ᠨᠡᠪᠲᠡᠷᠡᠨ ᠤᠷᠤᠬᠤ
ᠵᠢᠷᠤᠭ ᠠᠪᠣᠶ᠎ᠠ

ᠠᠵᠠᠢ ᠬᠤᠶᠠᠷ ᠪᠣᠭᠤᠷᠤᠯ ᠮᠢᠨᠢ

ᠠᠮᠢᠳᠤ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠠᠮᠠᠷᠠᠭ ᠵᠢᠭᠠᠬᠠᠨ ᠳᠠᠷᠠ ᠮᠢᠨᠢ

ᠠᠯᠢᠶᠠᠷᠬᠠᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠠᠭᠤᠵᠢᠮ ᠶᠡᠭᠡ ᠡᠭᠡ ᠣᠷᠤᠨ ᠮᠢᠨᠢ

ᠠᠭᠤᠯᠠ ᠣᠰᠤ ᠲᠡᠶ ᠪᠠᠨ ᠪᠠᠢ᠌ᠬᠤ ᠳᠤ ᠵᠢᠷᠤᠭ ᠨᠢᠭᠡ ᠠᠪᠣᠶ᠎ᠠ

ᠥᠷᠭᠡᠨ ᠶᠡᠭᠡ ᠭᠤᠪᠢ ᠬᠠᠩᠭ᠋ᠠᠢ ᠮᠢᠨᠢ

ᠠᠩ ᠭᠦᠷᠦᠭᠡ ᠲᠡᠶ ᠪᠠᠨ ᠪᠠᠢ᠌ᠬᠤ ᠳᠤ ᠵᠢᠷᠤᠭ ᠨᠢᠭᠡ ᠠᠪᠣᠶ᠎ᠠ

ᠴᠡᠮᠴᠡᠭᠡᠷ ᠭᠦᠭᠡ ᠳᠡᠭ᠍ᠷᠢ ᠮᠢᠨᠢ

ᠴᠡᠯᠮᠡᠭ᠌ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠴᠡᠩᠭᠡᠷ ᠭᠦᠭᠡ ᠳᠠᠯᠠᠢ ᠮᠢᠨᠢ

ᠴᠠᠪᠠᠷ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠨᠡᠭᠦᠳᠡᠯ ᠤᠨ ᠰᠢᠷᠭᠠᠯ ᠮᠠᠩᠬ᠎ᠠ ᠮᠢᠨᠢ

ᠨᠤᠳᠤᠭ ᠲᠠᠭᠠᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠨᠤᠭᠤᠰᠤ ᠭᠠᠯᠠᠭᠤ ᠬᠤᠶᠠᠷ ᠮᠢᠨᠢ

ᠨᠠᠭᠤᠷ ᠲᠠᠭᠠᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠳᠠᠪᠤᠨ ᠬᠤᠰᠢᠭᠤᠨ ᠮᠠᠯ ᠮᠢᠨᠢ

ᠪᠠᠯᠴᠢᠭᠡᠷ ᠲᠡᠭᠡᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠳᠠᠨᠠᠨ ᠴᠠᠭᠠᠨ ᠭᠡᠷ ᠦᠳ ᠮᠢᠨᠢ

ᠳᠠᠯ᠎ᠠ ᠲᠠᠭᠠᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠳᠠᠪᠠᠯ ᠮᠤᠷᠢ ᠬᠤᠶᠠᠷ ᠮᠢᠨᠢ

ᠳᠡᠷᠭᠡᠳᠡ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠳᠡᠭᠡᠷ᠎ᠡ ᠦᠶ᠎ᠡ ᠶᠢᠨ ᠠᠷᠠᠠᠰᠢᠨ ᠵᠢᠠᠨ

ᠳᠡᠭᠡᠳᠦᠯᠡᠭᠦ ᠲᠡᠶ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠪᠣᠭᠤᠷᠤᠯ ᠳᠡᠦᠭᠡ ᠶᠢᠨ ᠭᠦᠰᠢᠶ᠎ᠡ ᠮᠢᠨᠢ

ᠪᠣᠰᠤᠭ᠎ᠠ ᠪᠠᠢ᠌ᠬᠤ ᠳ᠋ᠤᠨᠢ ᠵᠢᠷᠤᠭ ᠨᠢᠭᠡ ᠠᠪᠣᠶ᠎ᠠ

ᠪᠣᠶᠠᠠᠳᠠᠢ ᠪᠣᠷᠤ ᠠᠷᠠᠤᠨ ᠤᠳ ᠮᠢᠨᠢ

ᠪᠠᠭᠤᠷᠢ ᠳᠠᠭᠠᠨ ᠪᠠᠢ᠌ᠬᠤ ᠳ᠋ᠤᠨᠢ ᠵᠢᠷᠤᠭ ᠨᠢᠭᠡ ᠠᠪᠣᠶ᠎ᠠ᠃


2005 ᠣᠨ ᠤ 10 ᠰᠠᠷ᠎ᠠ

ᠵᠤᠬᠢᠶᠠᠭᠴᠢ᠄ ᠶ‍·ᠳᠡᠯᠡᠢ᠌ᠭᠦᠤ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 4381
ᠴᠠᠭ᠄ 2007 ᠤᠨ ᠤ 11 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ