ᠨᠡᠪᠲᠡᠷᠡᠨ ᠤᠷᠤᠬᠤ
ᠬᠤᠷᠢᠮ

ᠵᠠᠯᠰᠠᠨ ᠵᠠᠯᠠᠭᠤ ᠡᠴᠠ ᠪᠠᠨ ᠵᠠᠭᠤᠢ ᠣᠯᠠᠨ ᠬᠤᠷᠢᠮ ᠬᠤᠷᠠᠯ ᠳᠡᠭᠡᠷ᠎ᠡ ᠶᠠᠪᠣᠭᠰᠠᠨ ᠭᠦᠮᠤᠨ᠃ ᠬᠤᠷᠢᠮ ᠬᠤᠷᠠᠯ ᠳᠡᠭᠡᠷ᠎ᠡ ᠣᠴᠢᠵᠤ ᠬᠠᠷᠢᠯᠴᠠᠨ ᠪᠠᠯᠡᠭ᠌ ᠰᠠᠯᠳᠠ ᠰᠤᠯᠢᠯᠴᠠᠬᠤ ᠨᠢ ᠨᠡᠢ᠌ᠭᠡᠮ ᠤᠨ ᠬᠠᠷᠢᠯᠴᠠᠭᠠᠨ ᠤ ᠴᠢᠬᠤᠯᠠ ᠠᠷᠭ᠎ᠠ ᠪᠠᠷᠢᠯ ᠪᠣᠯᠤᠭᠰᠠᠨ ᠤ ᠬᠤᠪᠢ ᠳᠤ ᠭᠦᠮᠤᠨ ᠵᠠᠯᠠᠪᠠᠯ ᠣᠴᠢᠬᠤ ᠯᠠ ᠭᠡᠷᠡᠭ᠌᠃ ᠠᠵᠢᠯ ᠶᠠᠪᠣᠳᠠᠯ ᠳᠠᠭᠠᠷᠠᠬᠤ ᠦᠶ᠎ᠡ ᠳᠤ ᠵᠠᠯᠰᠠᠨ ᠬᠤᠪᠢ ᠪᠠᠷ ᠶᠢᠡᠨ ᠬᠤᠷᠢᠮ ᠳᠤ ᠨᠢ ᠣᠴᠢᠵᠤ ᠴᠢᠳᠠᠬᠤ ᠦᠭᠡᠶ ᠴᠤ ᠬᠤᠷᠢᠮ ᠤᠨ ᠪᠠᠯᠡᠭ᠌ ᠳᠠᠯ᠎ᠠ ᠪᠠᠨ ᠪᠣᠰᠤᠳ ᠶᠢᠡᠷ ᠳᠠᠮᠵᠢᠭᠤᠯᠳᠠᠭ᠃

ᠳᠡᠭᠦᠨ ᠢ ᠬᠤᠷᠢᠮᠯᠠᠬᠤ ᠦᠶ᠎ᠡ ᠳᠤ ᠪᠠᠭ᠎ᠠ ᠰᠤᠷᠠᠭᠠᠭᠤᠯᠢ ᠶᠢᠨ ᠪᠠᠭᠰᠢ ᠨᠡᠷ ᠨᠢ ᠳᠠᠪᠢᠭᠠᠤᠨ ᠭᠦᠮᠤᠨ᠂ ᠭᠦᠮᠤᠨ ᠪᠦᠷᠢ ᠨᠠᠶᠠᠨ ᠮᠥᠩᠭᠦ ᠭᠠᠷᠭᠠᠵᠤ ᠨᠢᠭᠡ ᠡᠯᠭᠦᠭᠦᠷ ᠴᠠᠭ ᠠᠪᠴᠤ ᠥᠭᠦᠭ᠍ᠰᠡᠨ ᠢ ᠳᠠᠷᠠ ᠭᠡᠵᠢᠶᠡᠳᠡ ᠮᠠᠷᠳᠠᠬᠤ ᠦᠭᠡᠶ᠃ ᠵᠤᠭᠤᠰ ᠪᠢᠰᠢ᠂ ᠰᠡᠳᠭᠢᠯ ᠭᠡᠵᠤ ᠪᠣᠳᠤᠬᠤ ᠳᠠᠭᠠᠨ ᠦᠨᠦᠭᠢ ᠡᠯᠭᠦᠭᠦᠷ ᠴᠠᠭ ᠶᠢᠡᠨ ᠬᠠᠨ᠎ᠠ ᠳᠡᠭᠡᠷ᠎ᠡ ᠪᠠᠨ ᠡᠯᠭᠦᠭᠡᠳ ᠣᠨ ᠣᠳᠠᠵᠤ ᠪᠠᠢ᠌ᠨ᠎ᠠ᠃ ᠨᠢᠳᠤᠨᠤᠨ ᠭᠡᠷᠭᠡᠢ ᠲᠡᠶ ᠪᠠᠨ 《ᠠᠯᠳᠠᠨ ᠣᠷᠤᠭ》 ᠊ᠤᠨ ᠳᠤᠷᠠᠰᠬᠠᠯ ᠤᠨ ᠵᠢᠷᠤᠭ ᠳᠠᠳᠠᠭᠤᠯᠤᠭᠠᠤᠨ ᠡᠯᠭᠦᠭᠦᠷ ᠴᠠᠭ ᠲᠡᠶ ᠪᠠᠨ ᠵᠡᠷᠭᠡᠴᠡᠭᠦᠯᠤᠨ ᠡᠯᠭᠦᠭ᠍ᠰᠡᠨ ᠨᠢ ᠣᠠᠴᠠᠭᠠᠢ ᠣᠴᠢᠷ ᠤᠳᠬ᠎ᠠ ᠲᠡᠶ ᠪᠣᠯᠤᠭᠰᠠᠨ ᠰᠢᠭ ᠪᠣᠳᠤᠭᠳᠠᠨ᠎ᠠ᠃

ᠪᠠᠯᠡᠭ᠌ ᠭᠦᠷᠭᠡᠭᠦ ᠵᠤᠭᠤᠰ ᠤᠨ ᠳᠤᠭ᠎ᠠ ᠳᠠᠪᠤᠨ ᠳᠦᠭᠦᠷᠢᠭ᠌ ᠤᠨ ᠦᠶ᠎ᠡ ᠳᠤ ᠳᠠᠷᠠ ᠬᠤᠷᠢᠮ ᠢᠳᠠᠵᠤ ᠪᠠᠢ᠌ᠭᠰᠠᠨ᠃ ᠠᠷᠪᠠᠨ ᠳᠦᠭᠦᠷᠢᠭ᠌᠂ ᠬᠤᠷᠢᠨ ᠳᠦᠭᠦᠷᠢᠭ᠌ ᠤᠨ ᠳᠠᠷᠠ ᠦᠶ᠎ᠡ ᠳᠤ ᠮᠦᠨ ᠯᠠ ᠬᠤᠷᠢᠮ ᠢᠳᠠᠵᠤ ᠪᠠᠢ᠌ᠭᠰᠠᠨ᠂ ᠨᠢᠳᠤᠨᠤᠨ ᠳᠠᠪᠢᠨ ᠳᠦᠭᠦᠷᠢᠭ᠌ ᠤᠨ ᠪᠠᠷᠢᠮᠵᠢᠶ᠎ᠠ ᠪᠠᠢ᠌ᠭᠰᠠᠨ ᠡᠨᠡ ᠵᠢᠯ ᠡᠴᠠ ᠳᠠᠪᠢᠨ ᠳᠦᠭᠦᠷᠢᠭ᠌ ᠢ ᠪᠣᠰᠤᠳ ᠤᠨ ᠡᠮᠤᠨ᠎ᠡ ᠭᠠᠷᠭᠠᠵᠤ ᠴᠢᠳᠠᠬᠤ ᠦᠭᠡᠶ ᠪᠣᠯᠪᠠ᠃ ᠴᠤ᠋ ᠰᠢᠨ᠎ᠡ ᠣᠯᠠᠭᠠᠨ 《ᠳᠡᠷᠢᠭᠦᠯᠡᠭ᠍ᠴᠢ》 ᠭᠠᠷᠭᠠᠬᠤ ᠦᠭᠡᠶ ᠪᠣᠯ ᠴᠤᠤᠳᠤ ᠬᠤᠷᠢᠮ ᠳᠤ ᠣᠷᠤᠯᠴᠠᠬᠤ ᠡᠷᠭᠡ ᠦᠭᠡᠶ ᠭᠡᠵᠤ ᠳᠡᠭᠡᠷ᠎ᠡ ᠡᠴᠠ ᠳᠤᠭᠳᠠᠭᠠᠯ ᠦᠭᠡᠶ ᠴᠤ ᠳᠡᠷᠭᠡᠳᠡᠭᠢ ᠭᠦᠮᠦᠰ ᠤᠨ ᠭᠢᠨᠢ ᠠᠪᠳᠠᠯ ᠳᠡᠭᠦᠨ ᠳᠤ ᠭᠡᠯᠡᠵᠤ ᠥᠭ᠍ᠪᠡ᠃ ᠡᠭᠦᠨ ᠢ ᠴᠠᠭ ᠦᠶ᠎ᠡ ᠶᠢᠨ ᠭᠦᠭ᠍ᠵᠢᠯᠳᠡ ᠭᠡᠳᠡᠭ᠌ ᠶᠤᠮ ᠦᠦ᠃ ᠡᠰᠡᠭᠦᠯ᠎ᠡ ᠱᠠᠯᠢᠨ ᠪᠦᠷᠢᠯᠭᠡᠭᠦ ᠶᠢᠨ ᠳᠠᠪᠰᠢᠭᠤᠷᠠᠯ ᠭᠡᠳᠡᠭ᠌ ᠶᠤᠮ ᠦᠦ᠃

ᠡᠨᠡ ᠵᠢᠯ ᠤᠨ ᠴᠠᠭᠠᠨ ᠰᠠᠷ᠎ᠠ ᠡᠴᠠ ᠡᠭᠢᠯᠡᠵᠤ᠂ ᠵᠠᠯᠰᠠᠨ ᠵᠢᠯ ᠤᠨ ᠪᠣᠳᠠᠭ᠎ᠠ᠂ ᠰᠠᠷ᠎ᠠ ᠳᠦᠭᠦᠷᠦᠭ᠍ᠰᠡᠨ ᠪᠠᠶᠠᠷ᠂ ᠨᠠᠰᠤ ᠪᠠᠷᠠᠭᠰᠠᠨ ᠭᠦᠮᠤᠨ ᠤ ᠪᠣᠶᠠᠨ᠂ ᠰᠤᠷᠭᠠᠭᠤᠯᠢ ᠳᠤ ᠳᠠᠪᠰᠢᠭᠰᠠᠨ ᠳᠠᠢ᠌ᠯᠠᠯᠭ᠎ᠠ ᠵᠡᠷᠭᠡ ᠪᠠᠶᠠᠷ ᠬᠤᠷᠢᠮ ᠳᠡᠭᠡᠷ᠎ᠡ ᠣᠷᠤᠯᠴᠠᠭᠠᠤᠨ ᠶᠠᠭ ᠭᠤᠷᠪᠠᠨ ᠮᠢᠩᠭ᠋ᠠᠨ ᠳᠦᠭᠦᠷᠢᠭ᠌ ᠵᠠᠷᠤᠴᠠᠭᠤᠯᠪᠠ᠃ ᠶᠠᠷᠤ ᠶᠢᠨ ᠥᠭᠡᠨ ᠳᠤ 《ᠵᠥᠭᠡᠷ ᠢᠳᠡᠭᠦᠯᠭᠦ ᠬᠤᠭᠤᠯᠠ ᠭᠡᠵᠤ ᠦᠭᠡᠶ》 ᠭᠡᠳᠡᠭ᠌ ᠨᠢ ᠣᠷᠤ ᠲᠡᠶ ᠥᠭᠡ᠃ ᠨᠡᠢ᠌ᠭᠡᠮ ᠳᠡᠭᠡᠷ᠎ᠡ ᠠᠮᠢᠳᠤᠷᠠᠵᠤ ᠪᠠᠢ᠌ᠪᠠᠯ ᠡᠨᠡᠭᠦ 《ᠬᠠᠯᠠ》 ᠶ᠋ᠢ ᠳᠠᠭᠠᠭᠠᠬᠤ ᠯᠠ ᠭᠡᠷᠡᠭ᠍ᠳᠡᠢ ᠪᠣᠯᠵᠠᠢ᠃

ᠵᠠᠯᠰᠠᠨ ᠲᠡᠶ ᠨᠢᠭᠡ ᠳᠠᠰᠤᠭ ᠲᠤ ᠠᠷᠢᠭᠢᠨ ᠳᠤ ᠣᠪᠣᠭ᠎ᠠ ᠳᠤᠷᠠᠳᠠᠢ ᠯᠠᠪᠴᠢᠨ ᠭᠡᠳᠡᠭ᠌ ᠪᠠᠭᠰᠢ ᠪᠠᠢ᠌ᠭᠰᠠᠨ ᠶᠤᠮ᠃ ᠳᠡᠭᠦᠨ ᠢ ᠥᠭᠡᠷ᠎ᠡ ᠨᠢᠭᠡ ᠰᠤᠷᠭᠠᠭᠤᠯᠢ ᠡᠴᠠ ᠣᠳᠤ ᠶᠢᠨ ᠰᠤᠷᠭᠠᠭᠤᠯᠢ ᠳᠤ ᠠᠵᠢᠯ ᠰᠢᠯᠵᠢᠭᠦᠯᠵᠤ ᠢᠷᠡᠭᠦᠯᠦᠭ᠍ᠰᠡᠨ ᠶᠤᠮ᠃ ᠳᠠᠷᠠ ᠳᠠᠨᠢᠬᠤ᠂ ᠳᠠᠨᠢᠬᠤ ᠦᠭᠡᠶ ᠭᠦᠮᠤᠨ ᠤ ᠳᠤ ᠭᠡᠨ ᠵᠠᠯᠭᠰᠠᠨ ᠴᠤ ᠦᠴᠦᠭᠡᠨ ᠴᠤ ᠳᠠᠳᠠᠭᠠᠯᠵᠠᠯ ᠦᠭᠡᠶ ᠳᠠᠯᠪᠢᠭᠠᠤᠨ ᠭᠦᠷᠳᠡᠭ᠌᠃ 《ᠯᠠ᠊ ᠪᠠᠭᠰᠢ ᠡ᠂ ᠵᠠᠯᠠᠭᠳᠠᠬᠤ ᠭᠦᠮᠤᠨ ᠤ ᠳᠤᠳᠤᠷ᠎ᠠ ᠴᠢᠨᠤ ᠨᠠᠷ᠎ᠠ ᠦᠭᠡᠶ ᠰᠢᠤ᠂ ᠯᠠᠪ ᠴᠢᠮ᠎ᠠ ᠶᠢ ᠳᠠᠨᠢᠬᠤ ᠦᠭᠡᠶ ᠪᠠᠢ᠌ᠬ᠎ᠠ᠂ ᠡᠰᠡᠭᠦᠯ᠎ᠡ᠁》 ᠭᠡᠪᠠᠯ 《ᠪᠢᠴᠢ ᠡ᠂ ᠪᠢᠴᠢ ︕ ᠠᠷᠢᠭᠢᠨ ᠰᠢᠷᠡᠭᠡᠨ ᠳᠡᠭᠡᠷ᠎ᠡ ᠳᠠᠨᠢᠯᠴᠠᠵᠤ ᠪᠣᠯᠬᠤ ᠦᠭᠡᠶ ᠶᠤᠮ ᠦᠦ᠃》 ᠭᠡᠵᠤ ᠨᠠᠷ᠎ᠠ ᠪᠠᠨ ᠵᠠᠪᠠᠯ ᠪᠢᠴᠢᠭᠦᠯᠵᠤ᠂ ᠳᠠᠪᠤᠨ ᠳᠦᠭᠦᠷᠢᠭ᠌ ᠶᠢᠡᠨ ᠳᠡᠮᠳᠡᠭ᠍ᠯᠡᠭᠦᠯᠴᠢᠭᠡᠭᠡᠳ᠄ 《ᠶᠠᠭᠠᠭᠢᠯ᠎ᠠ ᠭᠡᠳ ᠬᠤᠭᠤᠯᠠᠨ ᠭᠡᠷ ᠲᠤ ᠢᠳᠡᠭ᠍ᠰᠡᠨ ᠡᠴᠠ ᠭᠢᠮᠳᠠ ᠰᠢᠤ ︕》 ᠭᠡᠵᠤ ᠯᠠ ᠨᠢᠭᠡ ᠭᠡᠷ ᠭᠦᠮᠦᠰ ᠢ ᠢᠨᠢᠶᠡᠯᠭᠡᠨ᠎ᠡ᠃

ᠵᠠᠯᠰᠠᠨ ᠡᠨᠡ ᠡᠳᠦᠷ᠂ ᠭᠦᠤ ᠳᠡᠭᠡᠨ ᠪᠠᠷᠢ ᠪᠠᠭᠤᠯᠭᠠᠬᠤ ᠬᠤᠷᠢᠮ ᠶᠢᠡᠨ ᠪᠦᠭᠦ ᠲᠦᠰᠢᠶᠠᠳᠤ ᠳᠤ ᠠᠯᠳᠠᠷᠳᠠᠢ 《ᠳᠤᠲ᠋ᠸᠮ》 ᠬᠤᠭᠤᠯᠠᠨ ᠭᠡᠷ ᠲᠤ ᠭᠢᠭᠦ ᠪᠠᠷ ᠪᠣᠯᠵᠤ᠂ ᠬᠤᠯᠠ ᠤᠢ᠌ᠷ᠎ᠡ ᠳᠠᠭᠠᠨ ᠨᠠᠷᠠᠳᠠᠢ ᠬᠤᠤᠰᠪᠣᠶᠠᠨ ᠢ ᠭᠡᠯᠮᠦᠷᠴᠢ ᠪᠠᠷ ᠵᠠᠯᠠᠵᠤ᠂ ᠬᠤᠷᠢᠮ ᠤᠨ ᠪᠠᠶᠠᠷ ᠶᠢᠡᠨ ᠥᠪᠳᠡᠭ᠍ᠰᠢ ᠶᠡᠭᠡ ᠪᠠᠷ ᠭᠢᠭ᠍ᠰᠡᠨ ᠶᠤᠮ᠃

ᠭᠦᠳᠡᠭᠡ ᠶᠢᠨ ᠳᠦᠷᠤᠯ ᠰᠠᠳᠤᠨ᠂ ᠬᠤᠳᠠ ᠶᠢᠨ ᠠᠵᠢᠯ ᠨᠢᠭᠡᠳᠡᠨ᠂ ᠭᠦᠷᠰᠢ ᠵᠡᠷᠭᠡᠯᠡᠳᠡᠭᠡ ᠵᠡᠷᠭᠡ ᠬᠤᠯᠠ ᠤᠢ᠌ᠷ᠎ᠡ ᠬᠤᠪᠣᠩ ᠳᠦᠷᠤᠯ ᠶᠢᠡᠨ ᠬᠤᠴᠤᠷᠭᠠᠯ ᠦᠭᠡᠶ ᠵᠠᠯᠠᠵᠤ᠂ ᠬᠤᠭᠤᠯᠠᠨ ᠭᠡᠷ ᠤᠨ ᠳᠦᠭᠦᠷᠢᠭ᠌ ᠰᠢᠷᠡᠭᠡ ᠪᠦᠭᠦᠨ ᠢ ᠫᠢᠤᠨ ᠳᠦᠭᠦᠷᠭᠡᠵᠤ ᠭᠦᠷ ᠨᠠᠢ᠌ᠷ ᠶᠢᠡᠷ ᠪᠢᠯᠬᠠᠵᠤ ᠭᠠᠷᠤᠯ᠎ᠠ᠃

ᠬᠤᠷᠢᠮ ᠶᠠᠪᠣᠭᠳᠠᠭᠠᠤᠨ ᠭᠡᠰᠡᠭ᠌ ᠣᠳᠠᠭᠰᠠᠨ ᠤ ᠳᠠᠷᠠᠭ᠎ᠠ᠂ ᠳᠦᠷᠪᠠ ᠳᠠᠪᠤᠨ ᠭᠦᠮᠤᠨ ᠬᠤᠭᠤᠯᠠᠨ ᠭᠡᠷ ᠲᠤ ᠴᠦᠮᠦᠷᠠᠨ ᠣᠷᠤᠵᠤ ᠢᠷᠡᠭᠡᠳ ᠰᠤᠯᠠ ᠰᠡᠯᠡᠭᠦᠤ ᠵᠠᠬ᠎ᠠ ᠶᠢᠨ ᠰᠢᠷᠡᠭᠡᠨ ᠳᠡᠭᠡᠷ᠎ᠡ ᠰᠠᠭᠤᠯᠴᠠᠵᠤ᠂ ᠡᠷᠡᠭᠡ ᠵᠢᠷᠤᠭ᠎ᠠ ᠦᠭᠡᠶ ᠣᠤᠭᠤᠵᠤ ᠢᠳᠡᠭᠡᠳ ᠣᠷᠤᠭᠤᠯ ᠶᠢᠡᠨ ᠠᠷᠴᠢᠭᠠᠤᠨ ᠠᠵᠢᠭ ᠦᠭᠡᠶ ᠶᠠᠪᠣᠭᠠᠤᠨ ᠥᠭ᠍ᠪᠡ᠃ ᠵᠠᠯᠰᠠᠨ ᠳᠡᠳᠡᠭᠡᠷ ᠭᠦᠮᠤᠨ ᠢ ᠳᠠᠨᠢᠬᠤ ᠦᠭᠡᠶ᠂ ᠡᠭᠡᠨᠡᠷ ᠨᠢ ᠴᠤ ᠳᠠᠨᠢᠬᠤ ᠦᠭᠡᠶ᠂ ᠭᠦᠤ ᠪᠠᠷᠢ ᠨᠢ ᠨᠠᠩ ᠴᠤ ᠳᠠᠨᠢᠬᠤ ᠦᠭᠡᠶ᠃ ᠳᠡᠳᠡᠭᠡᠷ ᠴᠢᠨᠢ ᠬᠠᠷᠢᠨ ᠳᠤᠰᠬᠠᠢ᠌ᠯᠠᠨ ᠪᠣᠷᠵᠠᠩ ᠲᠡᠶ ᠣᠰᠤ ᠡᠴᠠ 《ᠵᠢᠭᠠᠰᠤ ᠪᠠᠷᠢᠵᠤ ᠢᠳᠡᠳᠡᠭ᠌》 ᠣᠯᠤᠰ ᠠᠵᠠᠢ᠃

ᠵᠠᠯᠰᠠᠨ ᠳᠤᠮᠤ ᠬᠠᠷᠮᠠᠨ ᠲᠡᠶ ᠡᠯᠪᠠᠭ᠌ ᠦᠮᠦᠳᠦ ᠪᠠᠨ ᠡᠮᠦᠰᠦᠭ᠍ᠰᠡᠨ ᠨᠢ ᠴᠠᠭᠠᠨ᠎ᠠ ᠪᠠᠨ ᠰᠠᠨᠠᠭ᠎ᠠ ᠨᠢ ᠣᠠᠳᠤᠤ᠃ ᠡᠭᠦᠨ ᠢ ᠠᠵᠢᠭ ᠠᠪᠣᠭᠰᠠᠨ ᠭᠦᠮᠤᠨ ᠭᠠᠷᠤᠭᠰᠠᠨ ᠦᠭᠡᠶ᠃ ᠬᠤᠷᠢᠮ ᠳᠤ ᠣᠷᠢᠭᠳᠠᠵᠤ ᠢᠷᠡᠭ᠍ᠰᠡᠳ ᠬᠤᠷᠢᠨ ᠳᠦᠭᠦᠷᠢᠭ᠌᠂ ᠳᠠᠪᠢᠨ ᠳᠦᠭᠦᠷᠢᠭ᠌᠂ ᠵᠠᠭᠤᠨ ᠳᠦᠭᠦᠷᠢᠭ᠌ ᠵᠤᠭᠤᠰ ᠶᠢᠡᠨ ᠬᠤᠷᠢᠮ ᠤᠨ ᠳᠠᠯ᠎ᠠ ᠪᠠᠯᠡᠭ᠌ ᠪᠣᠯᠭᠠᠵᠤ᠂ ᠵᠠᠯᠰᠠᠨ ᠤ ᠬᠠᠷᠮᠠᠨ ᠳᠤ ᠵᠠᠯᠭᠠᠪᠠᠷ ᠴᠢᠭᠢᠵᠤ ᠦᠭ‍ᠭᠦᠨ᠎ᠡ᠃ ᠵᠠᠷᠢᠮ ᠨᠠᠷᠢᠯᠢᠭ ᠰᠢᠭ ᠭᠦᠮᠤᠨ ᠨᠢ ᠪᠠᠯᠡᠭ᠌ ᠤᠨ ᠵᠤᠭᠤᠰ ᠶᠢᠡᠨ ᠣᠯᠠᠭᠠᠨ ᠴᠠᠭᠠᠰᠤᠨ ᠳᠤ ᠭᠢᠵᠢᠶᠡᠮᠵᠢᠳᠡᠢ᠌ᠭᠡᠨ ᠪᠠᠭᠯᠠᠵᠤ᠂ ᠭᠠᠳᠠᠷ ᠳᠡᠭᠡᠷ᠎ᠡ ᠨᠢ ᠦᠪᠡᠷ ᠤᠨ ᠣᠪᠣᠭ ᠨᠠᠷ᠎ᠠ ᠪᠠᠨ ᠳᠤᠳᠤᠯᠠᠵᠤ ᠪᠠᠢ᠌ᠨ᠎ᠠ᠃ ᠣᠠᠴᠠ ᠵᠠᠷᠢᠮ ᠨᠢᠭᠤᠷ ᠳᠠᠯ᠎ᠠ ᠶᠢ ᠪᠣᠳᠤᠳᠠᠭ ᠦᠭᠡᠶ ᠬᠤᠪᠢᠠᠴᠢᠷ ᠭᠦᠮᠤᠨ ᠨᠢ ᠬᠤᠭᠤᠰᠤᠨ ᠨᠢᠳᠤᠷᠭ᠎ᠠ ᠪᠠᠨ ᠵᠠᠯᠰᠠᠨ ᠤ ᠬᠠᠷᠮᠠᠨ ᠳᠤ ᠭᠢᠭᠦ ᠳᠡᠭᠡᠨ᠄ 《ᠬᠤᠶᠠᠷ ᠬᠡᠦᠬᠡᠳ ᠤᠨ ᠰᠠᠢ᠌ᠨ ᠰᠠᠢ᠌ᠬᠠᠨ ᠢ ᠪᠠᠯᠡᠭ᠍ᠯᠡᠵᠤ ᠪᠠᠢ᠌ᠨ᠎ᠠ᠂ ᠵᠤᠭᠤᠰᠤᠨ ᠳᠤ ᠠᠳᠠᠯᠢ ᠪᠦᠭᠡ ᠶᠠᠪᠣᠭ》 ᠭᠡᠵᠤ ᠭᠡᠯᠡᠭᠡᠳ ᠬᠤᠭᠤᠰᠤᠨ ᠨᠢᠳᠤᠷᠭ᠎ᠠ ᠪᠠᠨ ᠭᠠᠷᠭᠠᠵᠤ ᠵᠠᠯᠰᠠᠨ ᠲᠡᠶ ᠭᠠᠷ ᠪᠠᠷᠢᠯᠴᠠᠨ᠎ᠠ᠃ ᠨᠠᠩ ᠴᠤ ᠬᠠᠷᠢᠶᠠᠯᠳᠠᠢ ᠳᠠᠷᠠ ᠨᠢᠭᠡ ᠭᠦᠮᠤᠨ ᠢ ᠦᠵᠡ ︕ ᠬᠤᠭᠤᠰᠤᠨ ᠨᠢᠳᠤᠷᠭ᠎ᠠ ᠪᠠᠨ ᠵᠠᠯᠰᠠᠨ ᠤ ᠬᠠᠷᠮᠠᠨ ᠳᠤ ᠭᠢᠭᠡᠳ 《ᠪᠠᠭ᠎ᠠ ᠪᠣᠯᠪᠠᠴᠤ ᠰᠡᠳᠭᠢᠯ ᠶᠤᠮ ᠰᠢᠤ》 ᠭᠡᠵᠤ ᠭᠡᠯᠡᠭᠦ ᠶᠢᠨ ᠳᠠᠭᠠᠤ ᠵᠠᠯᠰᠠᠨ ᠤ ᠬᠠᠷᠮᠠᠨ ᠡᠴᠠ ᠠᠳᠬᠤ ᠵᠤᠭᠤᠰ ᠴᠢᠷᠴᠤ ᠭᠠᠷᠭᠠᠭᠠᠤᠨ ᠮᠡᠳᠡᠭ᠍ᠳᠡᠭᠦ ᠡᠴᠠ ᠪᠠᠨ ᠠᠶᠤᠭᠠᠤᠨ ᠠᠷᠢᠭᠢᠨ ᠰᠢᠷᠡᠭᠡ ᠥᠭᠡᠳᠡ ᠶᠠᠭᠠᠷᠠᠤ ᠶᠠᠪᠣᠬᠤ ᠬᠠᠷᠠᠭᠳᠠᠨ᠎ᠠ᠂ ᠡᠪ ᠤᠨ ᠳᠤᠨᠤᠭᠠᠴᠢ ᠭᠡᠵᠤ ᠡᠭᠦᠨ ᠢ ᠭᠡᠯᠡᠳᠡᠭ᠌ ᠪᠠᠢ᠌ᠬ᠎ᠠ᠃

ᠬᠤᠷᠢᠮ ᠤᠨ ᠰᠢᠷᠡᠭᠡ ᠭᠤᠷᠪᠠ ᠳᠦᠷᠪᠠᠨ ᠴᠠᠭ ᠭᠦᠭ᠍ᠵᠢᠶᠡᠨᠳᠡᠢ ᠦᠷᠭᠦᠯᠵᠢᠯᠡᠭᠡᠳ ᠣᠷᠢᠭᠳᠠᠵᠤ ᠢᠷᠡᠭ᠍ᠰᠡᠨ ᠵᠤᠴᠢᠳ ᠬᠣᠢ᠌ᠨ᠎ᠡ ᠡᠮᠤᠨ᠎ᠡ ᠬᠤᠭᠤᠯᠠᠨ ᠭᠡᠷ ᠡᠴᠠ ᠰᠠᠯᠤᠯ᠎ᠠ᠃ ᠣᠳᠤ ᠴᠢᠨᠢ ᠬᠤᠭᠤᠯᠠᠨ ᠭᠡᠷ ᠤᠨ ᠢᠳᠡᠭᠡᠨ ᠣᠮᠳᠠᠭᠠᠨ ᠤ ᠬᠠᠩᠰᠢ ᠦᠨᠡᠳᠠᠢ ᠪᠣᠯᠵᠤ ᠪᠠᠢ᠌ᠭ᠎ᠠ ᠴᠠᠭ᠂ ᠨᠠᠩ ᠴᠤ ᠠᠯᠳᠠᠷ ᠴᠤᠤᠳᠠᠢ 《ᠳᠤᠲ᠋ᠸᠮ》 ᠬᠤᠭᠤᠯᠠᠨ ᠭᠡᠷ ᠶᠤᠮ ᠬᠣᠢ᠌ᠨ᠎ᠡ᠂ ᠰᠢᠷᠡᠭᠡ ᠪᠦᠷᠢ ᠳᠦᠷᠪᠠᠨ ᠵᠠᠭᠤ ᠳᠠᠪᠢᠨ ᠳᠦᠭᠦᠷᠢᠭ᠌ ᠭᠦᠷᠳᠡᠭ᠌ ᠰᠢᠤ ︕ ᠵᠠᠯᠰᠠᠨ ᠬᠠᠷᠮᠠᠨ ᠤ ᠪᠠᠨ ᠵᠤᠭᠤᠰ ᠶᠢᠡᠨ ᠪᠦᠭᠦᠳᠡ ᠶᠢ ᠭᠠᠷᠭᠠᠭᠠᠤᠨ ᠬᠤᠭᠤᠯᠠᠨ ᠵᠤᠭᠤᠰ ᠢ ᠲᠦᠯᠦᠭᠡᠳ ᠪᠠᠰᠠ ᠳᠠᠪᠤᠨ ᠵᠠᠭᠤᠨ ᠳᠦᠭᠦᠷᠢᠭ᠌ ᠦᠷᠢᠳᠤᠪᠠ᠃

ᠪᠠᠶᠠᠷ ᠶᠢᠡᠷ ᠡᠭᠢᠯᠡᠭ᠍ᠰᠡᠨ ᠬᠤᠷᠢᠮ ᠦᠷᠢ ᠲᠡᠶ ᠦᠨᠳᠦᠷᠯᠠᠪᠠ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤ

ᠵᠤᠬᠢᠶᠠᠭᠴᠢ᠄ ᠠ᠊·ᠰᠠᠴᠠᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 66107
ᠴᠠᠭ᠄ 2012 ᠤᠨ ᠤ 02 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ