☆ ᠶ·ᠳᠡᠯᠡᠢ᠌ᠭᠦᠤ
ᠮᠤᠩᠭ᠋ᠤᠯ
ᠳᠠᠰ ᠬᠠᠷ᠎ᠠ ᠰᠦᠯᠳᠡᠨ ᠳ᠋ᠡᠭᠡᠨ
ᠳᠠᠩᠭ᠋ᠠᠷᠢᠭ ᠡᠷᠭᠦᠭ᠍ᠰᠡᠨ ᠮᠤᠩᠭ᠋ᠤᠯ
ᠳᠠᠢ᠌ᠰᠤᠨ ᠨᠥᠭᠦᠷ ᠬᠤᠶᠠᠷ ᠳᠠᠭᠠᠨ
ᠳᠠᠮ ᠴᠠᠴᠠᠭᠤ ᠮᠤᠩᠭ᠋ᠤᠯ
ᠳᠠᠯ᠎ᠠ ᠭᠤᠪᠢ ᠬᠠᠩᠭ᠋ᠠᠢ ᠳ᠋ᠠᠭᠠᠨ
ᠳᠠᠯᠪᠢᠭ᠎ᠠ ᠵᠢᠷᠤᠭ᠎ᠠ ᠮᠤᠩᠭ᠋ᠤᠯ
ᠳᠠᠪᠤᠨ ᠳᠢᠪ ᠤᠨ ᠣᠯᠤᠰ ᠳᠤ
ᠳᠠᠷᠠᠭ ᠴᠠᠭᠠᠨ ᠮᠤᠩᠭ᠋ᠤᠯ
ᠠᠳᠠᠭ᠎ᠠ ᠳᠠᠪᠤᠨ ᠳᠡᠭ᠍ᠷᠢ ᠳᠡᠭᠡᠨ
ᠠᠠᠳᠠᠭᠠ ᠳᠠᠩᠭ᠋ᠠᠷᠢᠭ ᠲᠡᠶ ᠮᠤᠩᠭ᠋ᠤᠯ
ᠠᠷᠠᠪ ᠬᠣᠢ᠌ᠭ ᠤᠨ ᠣᠷᠤᠨ ᠵᠢᠠᠷ
ᠮᠦᠷ ᠣᠯᠠ ᠲᠡᠶ ᠮᠤᠩᠭ᠋ᠤᠯ
ᠠᠳᠠᠨ ᠳᠡᠮᠡᠭᠡᠨ ᠤ ᠠᠯᠬᠤᠳᠠᠯ ᠳᠤ
ᠠᠴᠢᠶ᠎ᠠ ᠳᠡᠩᠴᠡᠭᠦᠤ ᠮᠤᠩᠭ᠋ᠤᠯ
ᠠᠶᠠᠨ ᠳᠠᠢ᠌ᠨ ᠤ ᠬᠤᠯᠠ ᠳ᠋ᠤ
ᠠᠯᠵᠢᠶᠠᠯ ᠠᠪᠣᠭ᠎ᠠ ᠦᠭᠡᠶ ᠮᠤᠩᠭ᠋ᠤᠯ
ᠣᠳᠤᠷᠴᠢᠨ ᠵᠠᠩ ᠶᠢᠡᠨ ᠠᠪᠣᠭᠠᠤᠨ
ᠣᠷᠴᠢᠯᠠᠩ ᠳᠤ ᠳᠡᠨᠦᠭ᠍ᠰᠡᠨ ᠮᠤᠩᠭ᠋ᠤᠯ
ᠣᠯᠪᠣᠭ ᠵᠤᠵᠠᠭᠠᠨ ᠭᠦᠷᠦᠰᠤᠨ ᠳ᠋ᠡᠭᠡᠨ
ᠦᠷ᠎ᠡ ᠶᠢᠨ ᠬᠤᠳᠤᠭ ᠲᠡᠶ ᠮᠤᠩᠭ᠋ᠤᠯ
ᠰᠢᠨ᠎ᠠ ᠵᠠᠭᠤᠨ ᠤ ᠥᠷᠯᠦᠭᠡᠭᠦᠷ
ᠱᠠᠯ ᠰᠤᠭᠳᠤᠭᠤ ᠮᠤᠩᠭ᠋ᠤᠯ
ᠰᠢᠨᠠᠯᠠᠭᠰᠠᠨ ᠰᠢᠷᠬ᠎ᠠ ᠪᠠᠨ ᠡᠳᠡᠭᠡᠭᠦ ᠪᠠᠷ
ᠱᠠᠯᠪᠠᠷᠠᠮ ᠳᠤ ᠠᠶᠠᠯᠠᠭ᠎ᠠ ᠮᠤᠩᠭ᠋ᠤᠯ
ᠥᠷᠦᠭᠡᠯ ᠤᠨ ᠡᠮᠦᠨ᠎ᠡ
ᠥᠶᠦᠭ᠌ ᠵᠥᠭᠡᠯᠡᠨ ᠮᠤᠩᠭ᠋ᠤᠯ
ᠦᠪᠡᠷ ᠵᠠᠭᠤᠷ᠎ᠠ ᠪᠠᠨ
ᠦᠰ ᠬᠠᠳᠠᠭᠤ ᠮᠤᠩᠭ᠋ᠤᠯ
ᠪᠣᠷᠬᠠᠨ ᠨᠤᠮ ᠬᠤᠶᠠᠷ ᠳᠠᠭᠠᠨ
ᠪᠠᠳᠤ ᠢᠳᠡᠭᠡᠯ ᠲᠡᠶ ᠮᠤᠩᠭ᠋ᠤᠯ
ᠪᠠᠶᠠᠨ ᠨᠢᠭᠦᠯ ᠬᠤᠶᠠᠷ ᠳᠠᠭᠠᠨ
ᠬᠤᠪᠢ ᠳᠡᠩᠴᠡᠭᠦᠤ ᠮᠤᠩᠭ᠋ᠤᠯ
ᠵᠡᠭᠦᠳᠤ ᠵᠡᠷᠭᠡᠯᠭᠡᠨ ᠤ ᠳᠤᠮᠳᠠ ᠡᠴᠡ
ᠵᠢᠷᠦᠭᠡ ᠰᠢᠨᠠᠯᠬᠤ ᠮᠤᠩᠭ᠋ᠤᠯ
ᠵᠦᠩ ᠰᠤᠪᠢᠩ ᠤᠨ ᠠᠶᠠᠯᠠᠯ ᠳ᠋ᠤ
ᠵᠢᠭᠦᠷ ᠦᠭᠭᠦᠭᠡ ᠦᠭᠡᠶ ᠮᠤᠩᠭ᠋ᠤᠯ᠃
2006.02.28
ᠣᠯᠠᠭᠠᠠᠪᠠᠭᠠᠳᠤᠷ ᠳ᠋ᠤ
ᠵᠤᠬᠢᠶᠠᠭᠴᠢ᠄ ᠶ·ᠳᠡᠯᠡᠢ᠌ᠭᠦᠤ
ᠢᠷᠡᠯᠲᠡ᠄ ᠨᠡᠷᠡᠡᠴᠡᠴᠡᠭ᠌
ᠬᠠᠷᠢᠶ᠎ᠠ᠄
ᠰᠢᠯᠦᠭᠳᠠᠷᠤᠮ᠄ 36838
ᠴᠠᠭ᠄ 2007 ᠤᠨ ᠤ 11 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ