ᠨᠡᠪᠲᠡᠷᠡᠨ ᠤᠷᠤᠬᠤ
ᠴᠢᠩᠭᠢᠰ ᠥᠵᠦᠭ᠌

ᠴᠡᠴᠭ᠌ ᠤᠨ ᠣᠶᠠᠬᠠᠨ ᠪᠦᠭᠡᠢ᠌ᠯᠡᠯ ᠳ᠋ᠤ

ᠡᠪᠠᠷᠰᠢᠵᠤ ᠬᠠᠳᠠᠭᠤᠵᠢᠭᠰᠠᠨ ᠣᠨᠠᠭᠠᠨ ᠳᠤᠭᠤᠷᠠᠢ

ᠴᠢᠩᠭᠢᠰ ᠥᠵᠦᠭ᠌

ᠡᠷᠭᠦᠨ᠎ᠡ ᠬᠤᠨ ᠤ ᠪᠣᠭᠤᠷᠤᠯ ᠳᠤᠮᠤᠭ ᠢ

ᠡᠴᠢᠨ᠎ᠡ ᠬᠤᠯᠠ ᠵᠢᠨ

ᠭᠠᠵᠠᠷ ᠤᠨ ᠳᠤᠮᠳᠠ ᠳᠠᠩᠭᠢᠰ ᠲᠤ ᠵᠠᠯᠭᠠᠭᠤᠯᠤᠭᠰᠠᠨ

ᠭᠠᠢ᠌ᠬᠠᠮᠰᠢᠭ ᠳᠤᠤᠯᠢ᠃

ᠳᠡᠭ᠍ᠷᠢ ᠶᠢᠨ ᠣᠳᠤᠳ ᠢ

ᠰᠦᠷᠦᠭ᠌ ᠤᠨ ᠶᠢᠡᠨ ᠵᠠᠬ᠎ᠠ ᠳᠤ ᠬᠤᠷᠢᠶᠠᠭᠰᠠᠨ

ᠮᠣᠢ᠌ᠯ ᠤᠨ ᠴᠡᠭᠡᠵᠢ ᠴᠠᠢ᠌ᠷ ᠤᠨ ᠶᠤᠵᠤᠭᠤᠷ ᠳᠠᠢ

ᠮᠤᠩᠭ᠋ᠤᠯ ᠣᠷᠭ᠎ᠠ

ᠴᠢᠩᠭᠢᠰ ᠥᠵᠦᠭ᠌

ᠳᠠᠯ᠎ᠠ ᠶᠢᠨ ᠶᠢᠡᠨ ᠠᠭᠤᠳᠠᠮ ᠳ᠋ᠤ

ᠣᠷᠳᠤ ᠶᠢᠨ ᠳᠠᠭᠤᠤ ᠨᠤᠲ᠋ᠯᠠᠭᠰᠠᠨ

ᠳᠠᠮᠢᠷᠯᠢᠭ ᠳᠡᠭᠡᠳᠦᠰ ᠤᠨ

ᠪᠠᠶᠠᠨ ᠦᠪ᠃

《ᠨᠢᠭᠤᠴᠠ ᠳᠤᠪᠴᠢᠶᠠᠨ》 ᠊ᠤ

ᠢᠯᠠ ᠭᠡᠪ ᠢ ᠶ‍ᠢᠷᠳᠢᠠᠴᠤ ᠳᠤ ᠣᠷᠠᠯᠠᠭᠰᠠᠨ

ᠴᠢᠩᠭᠢᠰ ᠥᠵᠦᠭ᠌

ᠨᠠᠷᠠᠨ ᠤ ᠭᠡᠷᠡᠯ

ᠰᠠᠷᠠᠨ ᠤ ᠳᠤᠶᠠᠭ᠎ᠠ ᠡᠴᠠ

ᠨᠠᠢ᠌ᠷᠠᠭ ᠤᠨ ᠳᠠᠮᠢᠷ ᠰᠠᠭᠠᠭᠰᠠᠨ

ᠭᠢᠶᠠᠨ ᠵᠤᠷᠢᠭ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ᠂ ᠪᠠᠭᠠᠷᠢᠨ

ᠵᠤᠬᠢᠶᠠᠭᠴᠢ᠄ ᠨᠣ᠊·ᠴᠢᠯᠠᠭᠤᠠᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2648
ᠴᠠᠭ᠄ 2011 ᠤᠨ ᠤ 01 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ