ᠨᠡᠪᠲᠡᠷᠡᠨ ᠤᠷᠤᠬᠤ
ᠪᠣᠷᠤᠭᠠᠨ ᠶᠢᠡᠷ ᠰᠡᠷᠭᠦᠭᠦ ᠴᠡᠴᠡᠭ᠌

ᠰᠡᠪᠢᠯᠵᠡᠭ᠍ᠰᠡᠨ ᠭᠡᠵᠢᠭᠡ ᠪᠠᠨ

ᠪᠠᠢ᠌ᠭᠠᠯᠢ ᠡᠵᠢ ᠪᠠᠷ ᠣᠭᠢᠶᠠᠯᠭᠠᠭᠠᠤᠨ

ᠰᠡᠷᠪᠠᠯᠵᠡᠭ᠍ᠰᠡᠨ ᠴᠡᠴᠡᠭ᠌ ᠮᠥᠰᠢᠶᠡᠴᠢᠭᠡᠪᠡ

ᠰᠢᠨᠡᠭᠡᠨ ᠠᠭᠠᠷ

ᠴᠡᠴᠡᠭ᠌ ᠤᠨ ᠦᠨᠦᠷ ᠲᠡᠶ ᠬᠠᠮᠳᠤ ᠦᠷᠦᠭᠡᠨ ᠳᠤ ᠰᠠᠩᠭᠢᠨᠠᠪᠠ

ᠰᠡᠷᠢᠭᠦᠨ ᠳᠠᠭᠠᠳᠠᠢ ᠵᠢᠷᠭᠠᠯ ᠠᠪᠴᠢᠷᠠᠵᠤ

ᠰᠡᠳᠭᠢᠯ ᠤᠨ ᠭᠠᠩ ᠳᠠᠢ᠌ᠯᠪᠠ

ᠨᠠᠮᠢᠷᠠᠭ᠎ᠠ ᠵᠥᠭᠡᠯᠡᠨ ᠪᠣᠷᠤᠭ᠎ᠠ ᠠᠶᠠᠷᠬᠠᠨ ᠰᠡᠭ᠍ᠰᠦᠷᠦᠭ᠍ᠰᠡᠭᠡᠷ

ᠨᠠᠷᠠ ᠡᠷᠢᠭ᠍ᠳᠡᠮ᠎ᠡ ᠦᠭᠡᠶ ᠳᠡᠨᠢᠭᠦᠨ ᠪᠠᠢ᠌ᠭᠠᠯᠢ ᠭᠠᠩᠬᠤᠨ᠎ᠠ

ᠨᠠᠪᠴᠢᠨ ᠳᠤ ᠨᠢ ᠨᠠᠭᠠᠯᠳᠤᠭᠰᠠᠨ ᠳᠤᠭᠤᠰᠤ ᠵᠢ

ᠭᠡᠨ ᠴᠤ ᠢᠩᠭᠢᠵᠤ ᠰᠠᠢ᠌ᠬᠠᠨ ᠠᠷᠴᠢᠭ᠎ᠠ ᠦᠭᠡᠶ ᠪᠠᠢ᠌ᠵᠠᠢ ᠤᠤ

ᠪᠠᠶᠠᠷᠯᠠᠨ ᠳᠠᠭᠤᠯᠠᠨ᠎ᠠ

ᠨᠠᠰᠤᠨ ᠤ ᠭᠠᠭᠴᠠᠬᠠᠨ ᠵᠤᠰᠠᠭᠠᠯ ᠨᠢ

ᠨᠠᠷᠠᠪᠴᠢᠨ ᠤ ᠭᠡᠰᠡᠭ‍ᠭᠡᠨ ᠰᠢᠷᠤᠢ ᠣᠴᠢᠷ ᠡᠴᠠ ᠤᠤ

ᠡᠷᠭᠡ ᠴᠢᠯᠦᠭᠡ ᠶᠢ ᠢᠩᠭᠢᠵᠤ ᠯᠠ ᠭᠦᠷᠳᠡᠳᠡᠭ᠌ ᠶᠢᠡᠨ

ᠡᠭᠡᠰᠢᠭᠯᠡᠩᠭᠡᠨ ᠳᠠᠭᠤᠯᠠᠨ᠎ᠠ

ᠭᠡᠴᠢᠨᠡᠨ ᠬᠤᠨᠤᠭ ᠪᠢ ᠴᠡᠴᠡᠭ᠌ ᠶᠢᠡᠨ ᠣᠰᠤᠯᠠᠭ᠎ᠠ ᠦᠭᠡᠶ ᠬᠠᠶᠠᠭᠰᠠᠨ ᠪᠢᠯᠠ︖

ᠭᠡᠳᠦᠢ ᠡᠳᠦᠷ ᠪᠢ ᠣᠷᠮ᠎ᠠ ᠰᠡᠷᠭᠦᠭᠡ ᠦᠭᠡᠶ ᠶᠠᠪᠣᠭᠰᠠᠨ ᠪᠢᠯᠠ︖

ᠪᠣᠷᠤᠭᠠᠨ ᠰᠢᠪᠠᠷᠠᠵᠤ ᠯᠠ ᠪᠠᠢ᠌ᠨ᠎ᠠ

ᠪᠣᠳᠤᠯ ᠠᠷᠢᠭᠤᠯᠠᠨ ᠰᠡᠳᠭᠢᠯ ᠤᠨ ᠬᠤᠷ᠎ᠠ ᠴᠤ ᠱᠠᠭᠢᠵᠤ ᠪᠠᠢ᠌ᠨ᠎ᠠ

ᠦᠨᠳᠦᠷ ᠳᠡᠭ᠍ᠷᠢ ᠡᠴᠠ ᠱᠢᠷᠤ ᠰᠤᠪᠣᠤᠨ ᠳᠡᠭᠦᠵᠢᠩᠨᠡᠭ᠍ᠰᠡᠭᠡᠷ

ᠦᠷᠦᠭᠡᠨ ᠳᠤ ᠡᠯᠭᠦᠭ᠍ᠰᠡᠨ ᠭᠦᠰᠢᠭᠡ ᠲᠡᠶ

ᠥᠩᠭᠡ ᠮᠥᠴᠡᠭᠡᠷᠭᠡᠨ᠎ᠡ

ᠥᠨᠦᠭᠡᠨ ᠨᠤᠷᠤᠭᠳᠠᠭᠰᠠᠨ ᠭᠡᠵᠢᠭᠡ

ᠬᠠᠴᠠᠷ ᠨᠠᠭᠠᠯᠳᠤᠨ ᠥᠨᠦᠰᠭᠦ ᠳᠤ

ᠦᠪᠡᠷ ᠢ ᠪᠠᠨ ᠪᠢ ᠰᠡᠷᠭᠦᠭ᠍ᠰᠡᠨ ᠴᠡᠴᠡᠭ᠌ ᠭᠡᠵᠤ ᠡ᠊ᠨᠳᠡᠭᠦᠷᠡᠨ᠎ᠡ ᠁


2010.8.6 15᠄ 30


ᠵᠤᠬᠢᠶᠠᠭᠴᠢ ᠶᠢᠨ ᠬᠠᠶ‍ᠢᠭ᠄ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 08 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ