ᠨᠡᠪᠲᠡᠷᠡᠨ ᠤᠷᠤᠬᠤ
ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠨᠠᠭᠤᠷ ᠪᠦᠷᠢᠳᠤ ᠪᠠᠷ ᠶᠢᠡᠨ ᠨᠠᠭᠠᠳᠬᠤ ᠳᠤ ᠪᠠᠨ ᠭᠦᠤ ᠮᠢᠨᠢ

ᠨᠤᠭᠤᠰᠤ ᠭᠠᠯᠠᠭᠤ ᠶᠢ ᠪᠠᠨ ᠰᠤᠴᠢᠭᠠᠳᠠᠭ ᠦᠭᠡᠶ ᠶᠤᠮ ᠰᠢᠤ

ᠨᠤᠭᠤᠰᠤ ᠭᠠᠯᠠᠭᠤ ᠪᠠᠨ ᠠᠯᠳᠠᠪᠠᠯ ᠨᠠᠭᠤᠷ ᠴᠢᠨᠢ

ᠨᠢᠭᠤᠷ ᠦᠷᠴᠢ᠌ᠵᠤ ᠦᠨᠦᠴᠢᠷᠠᠨ᠎ᠠ ᠭᠡᠳᠡᠭ᠌ ᠢ

ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠳᠠᠯ᠎ᠠ ᠳᠠᠠᠵᠢ ᠪᠠᠷ ᠶᠢᠡᠨ ᠳᠤᠭᠯᠠᠬᠤ ᠳᠤ ᠪᠠᠨ ᠭᠦᠤ ᠮᠢᠨᠢ

ᠴᠡᠴᠡᠭ᠌ ᠡᠪᠠᠰᠤ ᠪᠠᠨ ᠳᠠᠰᠤᠳᠠᠬᠤ ᠦᠭᠡᠶ ᠶᠤᠮ ᠰᠢᠤ

ᠴᠡᠴᠡᠭ᠌ ᠡᠪᠠᠰᠤ ᠪᠠᠷ ᠬᠤᠪᠬᠠᠢ᠌ᠷᠠᠭᠰᠠᠨ ᠳᠠᠯ᠎ᠠ ᠴᠢᠨᠢ

ᠴᠢᠷᠠᠢ ᠮᠠᠭᠤᠳᠠᠵᠤ ᠥᠳᠡᠯᠦᠳᠡᠭ᠌ ᠭᠡᠳᠡᠭ᠌ ᠢ

ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠠᠭᠤᠯᠠ ᠬᠠᠳᠠ ᠪᠠᠷ ᠶᠢᠡᠨ ᠠᠪᠠᠷᠢᠬᠤ ᠳᠤ ᠪᠠᠨ ᠭᠦᠤ ᠮᠢᠨᠢ

ᠴᠢᠯᠠᠭᠤ ᠶᠢ ᠨᠢ ᠭᠦᠳᠡᠯᠭᠡᠵᠤ ᠪᠣᠯᠳᠠᠭ ᠦᠭᠡᠶ ᠶᠢ ᠮᠠᠳᠠᠵᠤ ᠠᠪᠬᠤ ᠶᠤᠮ ᠰᠢᠤ

ᠴᠤᠬᠤᠮ ᠳᠤ ᠪᠠᠨ ᠴᠢᠯᠠᠭᠤ ᠪᠣᠯ ᠠᠭᠤᠯᠠᠨ ᠤ ᠪᠠᠨ ᠰᠦᠨᠠᠰᠤ ᠨᠢ ᠶᠤᠮ ᠡ

ᠰᠦᠨᠠᠰᠤ ᠨᠢ ᠵᠠᠢ᠌ᠯᠠᠭᠰᠠᠨ ᠠᠭᠤᠯᠠ ᠰᠥᠷᠯᠢᠭ᠌ ᠳᠦᠷᠢ ᠪᠠᠨ ᠠᠯᠳᠠᠬᠤ ᠶᠢ

ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠬᠤᠯᠠ ᠶᠠᠪᠣᠵᠤ ᠶᠡᠭᠡ ᠶᠢ ᠦᠵᠡᠨ ᠨᠢᠳᠤ ᠨᠡᠭᠡᠭᠡᠨ᠎ᠡ ᠰᠢᠤ ᠭᠦᠤ ᠮᠢᠨᠢ

ᠬᠤᠶᠠᠷ ᠭᠦᠯ ᠳᠡᠭᠡᠷ᠎ᠡ ᠪᠠᠨ ᠵᠤᠭᠰᠤᠵᠤ ᠪᠣᠰᠤᠭ᠎ᠠ ᠶᠠᠪᠣᠬᠤ ᠶᠤᠮ ᠰᠢᠤ

ᠬᠤᠷᠸ᠎ᠠ ᠳᠤ ᠭᠠᠭᠴᠠ ᠨᠤᠳᠤᠭ ᠡᠴᠡ ᠪᠠᠨ ᠬᠤᠯᠠᠳᠠᠬᠤ ᠳᠤᠳᠤᠮ

ᠭᠦᠢ ᠶᠢ ᠴᠢᠨᠢ ᠳᠠᠷᠤᠭᠰᠠᠨ ᠭᠦᠭᠡ ᠴᠢᠯᠠᠭᠤ ᠡ᠊ᠨᠳᠡ ᠪᠠᠢ᠌ᠬᠤ ᠶᠢ

ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠡᠩ ᠦᠭᠡᠶ ᠥᠷᠭᠡᠨ ᠳᠤᠷᠭ᠎ᠠ ᠰᠢᠤᠬᠠᠨ ᠬᠤᠷᠸ᠎ᠠ ᠶᠢᠨ ᠵᠠᠢ ᠳᠤ

ᠡᠴᠢᠭᠡ ᠶᠢ ᠴᠢᠨᠢ ᠥᠰᠭᠡᠭ᠍ᠰᠡᠨ ᠡᠨᠡ ᠭᠡᠰᠡᠭ᠍‍ᠭᠡᠨ ᠠᠯᠳᠠᠨ ᠥᠯᠦᠭᠡᠢ ᠪᠠᠨ

ᠡᠭᠡ ᠶᠢᠨ ᠰᠦ᠋ ᠶᠢᠨ ᠦᠨᠦᠷᠳᠠᠢ ᠪᠠᠳᠮᠠᠯᠠᠭᠰᠠᠨ ᠴᠡᠴᠡᠭ᠌ ᠶᠢᠡᠷ ᠬᠠᠳᠬᠤᠮᠠᠯᠯᠠᠵᠤ

ᠡᠷᠭᠡ ᠴᠢᠯᠦᠭᠡᠨ ᠤ ᠰᠦ᠋ ᠪᠠᠷ ᠮᠢᠯᠢᠶᠠᠵᠤ ᠶᠠᠪᠣᠬᠤ ᠪᠠᠨ

ᠴᠡᠭᠡᠵᠢᠯᠡᠵᠤ ᠶᠠᠪᠣᠨ᠎ᠠ ᠰᠢᠤ ᠭᠦᠤ ᠮᠢᠨᠢ

ᠵᠤᠬᠢᠶᠠᠭᠴᠢ᠄ ᠰᠢᠶ‍ᠧ ᠴᠢᠩ ᠱᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2908
ᠴᠠᠭ᠄ 2009 ᠤᠨ ᠤ 06 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ