ᠨᠡᠪᠲᠡᠷᠡᠨ ᠤᠷᠤᠬᠤ
ᠬᠠᠢ᠌ᠷ᠎ᠠ ᠶᠢᠨ ᠮᠠᠳᠠᠷᠠᠮᠵᠢ

ᠠᠭᠤᠯᠵᠠᠯᠳᠠ ᠶᠢᠨ ᠨᠠᠠᠳᠢᠨ ᠪᠠᠯᠡᠭ᠌ ᠪᠣᠯᠭᠠᠵᠤ

ᠣᠷᠤᠭᠤᠯ ᠢ ᠴᠢᠨᠢ ᠵᠥᠭᠡᠯᠡᠭᠡᠨ ᠨᠢᠭᠡ ᠥᠨᠦᠰᠳᠡᠭ᠌ ᠰᠠᠨ

ᠣᠯᠠᠭᠠᠨ ᠵᠢᠷᠦᠭᠡ ᠠᠶ᠎ᠠ ᠪᠠᠷ ᠲᠠᠭᠠᠨ ᠭᠦᠭ᠍ᠰᠡᠵᠤ ᠴᠤᠭᠢᠯᠠᠨ᠎ᠠ

ᠦᠨᠦᠰᠤᠯᠳᠠ ᠡᠴᠠ ᠦᠷᠦᠪᠴᠢᠭᠡᠨ ᠬᠠᠢ᠌ᠷ᠎ᠠ ᠠᠮᠳᠠᠯᠠᠭᠳᠠᠨ᠎ᠠ

  

ᠬᠠᠢ᠌ᠷ᠎ᠠ ᠠᠭᠤᠰᠤᠭᠰᠠᠨ ᠣᠷᠤᠭᠤᠯ ᠳᠤ ᠴᠢᠨᠢ

ᠭᠠᠵᠠᠷ ᠳᠡᠯᠡᠭᠡᠢ ᠬᠤᠷ᠎ᠠ ᠪᠠᠷ ᠣᠮᠳᠠᠯᠠᠭᠳᠠᠨ᠎ᠠ

ᠬᠠᠨᠢᠰᠬᠤ ᠶᠢᠨ ᠵᠠᠶᠠᠭ᠎ᠠ ᠳᠤ ᠳᠠᠮᠠᠭᠠᠯᠠᠭᠳᠠᠭᠰᠠᠨ ᠦᠨᠦᠰᠤᠯᠳᠠ

ᠬᠠᠨ ᠬᠤᠷᠸ᠎ᠠ ᠳᠤ ᠬᠠᠯᠠᠭᠤᠨ ᠳᠤᠯᠠᠭᠠᠨ ᠠᠪᠴᠢᠷᠠᠨ᠎ᠠ

  

ᠣᠳᠠᠭᠠᠨ ᠬᠤᠨᠤᠭ ᠠᠯᠠᠭᠰᠠᠵᠤ᠂   ᠴᠢᠮᠢ᠋ᠢ ᠪᠠᠨ

ᠡᠳᠦᠷ ᠰᠦᠨᠢ ᠶᠢᠨ ᠭᠦᠯᠢᠶᠡᠯᠳᠡ ᠲᠡᠶ ᠨᠢ ᠣᠷᠭᠢᠯ᠎ᠠ

ᠣᠶᠠᠭᠠᠰᠤ ᠦᠭᠡᠶ ᠪᠠᠢ᠌ᠳᠠᠯ᠎ᠠ ᠪᠠᠨ ᠰᠠᠨᠠᠬᠤ ᠶᠢᠨ ᠭᠦᠴᠤᠨ ᠭᠡᠵᠤ ᠭᠡᠴᠡᠭᠦᠤ

ᠣᠳᠠᠰᠤᠨ ᠤ ᠥᠵᠦᠭᠦᠷ ᠲᠤ ᠬᠤᠭᠤᠯᠠᠢ ᠭᠦᠷᠳᠡᠯ᠎ᠡ ᠪᠦᠭᠯᠡᠷᠡᠨ᠎ᠡ

  

ᠢᠵᠢ᠌ ᠮᠢᠨᠢ ᠭᠦᠤ ᠪᠠᠨ ᠭᠡᠵᠤ ᠥᠭᠦᠭᠡᠷᠳᠦᠳᠡᠭ᠌ ᠰᠢᠭ᠌

ᠡᠨᠡᠭᠡᠨ ᠳᠡᠯᠡᠭᠡᠢ ᠳᠤ ᠴᠢ ᠪᠢᠳᠠᠨ ᠤ ᠳᠠᠪᠢᠯᠠᠩ ᠦᠨᠡᠠᠴᠢ

ᠢᠪᠠᠭᠡᠵᠤ ᠰᠤᠷᠭᠠᠭᠰᠠᠨ ᠠᠪᠣ ᠶᠢᠨ ᠵᠠᠭᠢᠶᠠᠰᠤ ᠶᠢ ᠳᠠᠭᠠᠵᠤ

ᠡᠷ᠎ᠡ ᠵᠤᠷᠢᠭ ᠰᠣᠢ᠌ᠵᠤ ᠵᠠᠶᠠᠭ᠎ᠠ ᠬᠤᠯᠪᠤᠨ ᠠᠮᠢᠳᠤᠷᠠᠶ᠎ᠠ ᠬᠤᠶᠠᠭᠤᠯᠠ ᠪᠠᠨ

  

                                    ᠬᠠᠢ᠌ᠯᠠᠷ ᠲᠤ᠂ 2011 ᠣᠨ ᠳ᠋ᠤ


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ

ᠵᠤᠬᠢᠶᠠᠭᠴᠢ᠄ ᠦᠨᠢᠷᠰᠠᠢ᠌ᠬᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2649
ᠴᠠᠭ᠄ 2012 ᠤᠨ ᠤ 01 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ