☆ ᠪᠣᠤ ᠰᠢᠶᠤᠤ ᠵᠢᠶᠦ᠋ᠨ
ᠮᠢᠨᠤ ᠰᠤᠷᠭᠠᠭᠤᠯᠢ
ᠮᠢᠨᠤ ᠰᠤᠷᠭᠠᠭᠤᠯᠢ ᠪᠣᠯ ᠨᠢ᠋ᠮᠠᠨ ᠬᠤᠰᠢᠭᠤᠨ ᠤ ᠡᠮᠦᠨᠡᠳᠤ ᠭᠡᠰᠡᠭ᠌ ᠤᠨ ᠬᠤᠩᠬᠤᠷᠳᠠᠯ᠎ᠠ ᠰᠤᠮᠤ ᠳᠤ ᠪᠠᠢ᠌ᠷᠢᠰᠢᠵᠤ ᠪᠠᠢ᠌ᠭ᠎ᠠ ᠴᠤᠯᠤ ᠮᠤᠩᠭ᠋ᠤᠯ ᠪᠠᠭ᠎ᠠ ᠰᠤᠷᠭᠠᠭᠤᠯᠢ ᠪᠣᠯᠤᠨ᠎ᠠ᠃
ᠳᠠᠴᠢᠠᠳᠠᠯ᠎ᠠ ᠡᠴᠠ ᠭᠦᠷᠢᠶ᠎ᠡ ᠭᠦᠷᠭᠦ ᠴᠠᠷᠳᠠᠮᠠᠯ ᠵᠠᠮ ᠤᠨ ᠡᠮᠤᠨ᠎ᠡ ᠳᠠᠯ᠎ᠠ ᠳᠤ 《ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ》 ᠭᠡᠰᠡᠨ ᠮᠤᠩᠭ᠋ᠤᠯ ᠭᠢᠳᠠᠤᠨ ᠬᠤᠶᠠᠷ ᠭᠡᠯᠡ ᠪᠠᠷ ᠪᠢᠴᠢᠭ᠍ᠰᠡᠨ ᠨᠠᠷᠠ ᠶᠢᠨ ᠪᠢᠴᠢᠭᠡᠰᠤ ᠲᠡᠶ ᠡᠭᠦᠳᠡ ᠶᠢ ᠬᠠᠷᠠᠪᠠᠯ ᠮᠢᠨᠤ ᠰᠤᠷᠭᠠᠭᠤᠯᠢ ᠭᠦᠷᠴᠢᠭᠡᠳᠡᠭ᠌᠃
ᠰᠤᠷᠭᠠᠭᠤᠯᠢ ᠶᠢᠨ ᠶᠡᠭᠡ ᠬᠠᠭᠠᠯᠭ᠎ᠠ ᠶᠢ ᠠᠯᠬᠤᠨ ᠣᠷᠤᠮᠠᠭᠴᠠ ᠡᠭᠦᠳᠡᠨ ᠭᠡᠷ ᠡᠮᠤᠨ᠎ᠡ ᠴᠢᠨᠢ ᠢᠯᠠᠷᠠᠵᠤ ᠠᠮᠤᠷ ᠲᠦᠪᠰᠢᠨ ᠣᠷᠴᠢᠨ ᠳᠤᠭᠤᠷᠢᠨ ᠢ ᠪᠠᠳᠤᠯᠠᠳᠠᠭ᠃ ᠳᠠᠷᠢ ᠳᠡᠭ᠍ᠰᠢ ᠳᠡᠪᠢᠰᠦᠭ᠍ᠰᠡᠨ ᠳᠤᠭᠤᠰᠬᠠᠨ ᠵᠠᠮ ᠨᠢ ᠠᠪ ᠠᠰᠬᠠᠨ ᠵᠤᠷᠠᠢ᠌ᠭᠠᠤᠨ ᠴᠠᠪᠠᠷ ᠳᠤᠭᠢᠯᠠᠭ ᠣᠷᠴᠢᠨ ᠠᠬᠤᠢ ᠶᠢ ᠭᠦᠮᠦᠰ ᠲᠤ ᠠᠪᠴᠢᠷᠠᠵᠤ᠂ ᠵᠠᠮ ᠤᠨ ᠬᠤᠶᠠᠷ ᠬᠠᠵᠠᠭᠤ ᠪᠠᠷ ᠬᠠᠷᠠᠭᠤᠯ ᠤᠨ ᠴᠡᠷᠢᠭ᠌ ᠰᠢᠭ᠌ ᠵᠢᠭ᠍ᠳᠡᠷᠡᠨ ᠵᠢᠭᠰᠠᠭᠰᠠᠨ ᠮᠥᠩᠭᠡ ᠨᠤᠭᠤᠭᠠᠨ ᠮᠤᠳᠤᠳ ᠨᠢ ᠭᠦᠭᠡᠷᠦᠭᠦᠨ ᠰᠤᠷᠤᠭᠴᠢᠳ ᠲᠡᠶ ᠬᠠᠮᠳᠤ ᠠᠮᠢᠵᠢᠷᠠᠯ ᠤᠨ ᠭᠦᠴᠤᠨ ᠢ ᠪᠢᠯᠬᠠᠭᠤᠯᠤᠨ᠎ᠠ᠃
ᠵᠠᠮ ᠤᠨ ᠵᠡᠭᠦᠨ ᠳᠠᠯ᠎ᠠ ᠪᠠᠷ ᠬᠣᠢ᠌ᠨ᠎ᠠ ᠡᠴᠠ ᠡᠮᠦᠨᠡᠰᠢ ᠳᠠᠰ ᠳᠠᠷᠠᠭᠠᠯᠠᠨ ᠪᠠᠭᠰᠢ ᠶᠢᠨ ᠠᠯᠪᠠᠨ ᠭᠡᠷ᠂ ᠰᠤᠷᠤᠭᠴᠢᠳ ᠤᠨ ᠪᠠᠢ᠌ᠷᠢᠨ ᠭᠡᠷ ᠵᠢᠴᠢ ᠰᠤᠷᠤᠭᠴᠢᠳ ᠤᠨ ᠬᠤᠭᠤᠯᠠᠨ ᠳᠢᠩᠭᠢᠮ ᠵᠡᠷᠭᠡ ᠪᠠᠢ᠌ᠵᠤ᠂ ᠰᠢᠨ᠎ᠡ ᠪᠠᠷᠢᠭᠰᠠᠨ ᠪᠠᠢ᠌ᠷᠢᠨ ᠭᠡᠷ ᠤᠨ ᠡᠮᠤᠨ᠎ᠡ ᠨᠢ ᠠᠭᠤᠳᠠᠮ ᠳᠡᠭ᠍ᠰᠢᠭᠡᠨ ᠳᠠᠮᠢᠷ ᠤᠨ ᠳᠠᠯᠠᠪᠣᠷ ᠪᠠᠢ᠌ᠳᠠᠭ᠃ ᠵᠠᠮ ᠤᠨ ᠪᠠᠷᠠᠭᠤᠨ ᠳᠠᠯ᠎ᠠ ᠳᠤ ᠭᠤᠷᠪᠠᠨ ᠮᠦᠷ ᠰᠤᠷᠤᠭᠴᠢᠳ ᠤᠨ ᠭᠢᠴᠢᠶᠠᠯ ᠤᠨ ᠭᠡᠷ ᠨᠢ ᠡᠮᠭᠢ ᠳᠠᠷᠠᠭ᠎ᠠ ᠲᠡᠶ ᠵᠢᠭᠰᠠᠵᠤ᠂ ᠬᠠᠮᠤᠭ ᠡᠮᠤᠨ᠎ᠡ ᠨᠢ ᠰᠤᠷᠭᠠᠭᠤᠯᠢ ᠶᠢᠨ ᠨᠤᠭᠤᠭᠠᠨ ᠬᠠᠰᠢᠶ᠎ᠠ ᠪᠠᠢ᠌ᠨ᠎ᠠ᠃ ᠡᠨᠡ ᠪᠣᠯ ᠳᠠᠷᠤᠢ ᠮᠢᠨᠤ ᠡᠯᠢᠭᠡᠨ ᠬᠠᠢ᠌ᠷᠠᠳᠤ ᠡᠭᠡ ᠰᠤᠷᠭᠠᠭᠤᠯᠢ ᠶᠢᠨ ᠦᠨᠳᠦᠰᠦᠨ ᠳᠦᠷᠰᠤ ᠪᠣᠯᠤᠨ᠎ᠠ᠃
ᠮᠢᠨᠤ ᠰᠤᠷᠭᠠᠭᠤᠯᠢ ᠨᠢ ᠭᠡᠳᠥᠢᠪᠠᠷ ᠭᠤᠶᠤ ᠰᠠᠢ᠌ᠬᠠᠨ ᠠᠰᠠᠷ ᠳᠠᠭᠳᠤ ᠭᠡᠵᠤ ᠰᠦᠨᠳᠠᠷᠯᠠᠵᠤ ᠦᠭᠡᠶ ᠪᠣᠯᠪᠠᠴᠤ ᠠᠩᠭ᠎ᠠ ᠪᠢᠳᠠᠨ ᠳᠡᠭᠡᠨ ᠣᠯᠠᠨ ᠠᠷᠪᠢᠨ ᠰᠠᠢ᠌ᠨ ᠰᠠᠢ᠌ᠬᠠᠨ ᠳᠤᠷᠠᠰᠤᠯ ᠢ ᠥᠯᠡᠳᠡᠭᠡᠵᠤ᠂ ᠭᠦᠨ ᠵᠤᠵᠠᠭᠠᠨ ᠮᠡᠳᠡᠯᠭᠡ ᠰᠤᠶᠤᠯ ᠢ ᠭᠦᠷᠳᠡᠭᠡᠵᠤ᠂ ᠭᠡᠵᠢᠶᠡᠳᠡ ᠮᠠᠷᠳᠠᠭᠳᠠᠰᠢ ᠦᠭᠡᠶ ᠪᠣᠯᠤᠭᠰᠠᠨ ᠪᠠᠢ᠌ᠨ᠎ᠠ᠃
ᠵᠢᠯᠤᠭᠤᠳᠤᠭᠰᠠᠨ ᠪᠠᠭᠰᠢ᠄ ᠲ᠋ᠠᠪᠬᠤᠷᠪᠠᠶᠠᠷ
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ
ᠵᠤᠬᠢᠶᠠᠭᠴᠢ᠄ ᠪᠣᠤ ᠰᠢᠶᠤᠤ ᠵᠢᠶᠦ᠋ᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠤᠷᠤᠭᠴᠢ ᠶᠢᠨ ᠳᠠᠪᠴᠠᠩᠳᠠᠷᠤᠮ᠄ 3369
ᠴᠠᠭ᠄ 2011 ᠤᠨ ᠤ 05 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ