ᠨᠡᠪᠲᠡᠷᠡᠨ ᠤᠷᠤᠬᠤ
ᠡᠶᠡᠷᠡᠭᠦᠨ ᠬᠠᠢ᠌ᠷ᠎ᠠ
ᠮᠤᠩᠭ᠋ᠤᠯ ᠠᠮᠢᠳᠤᠷᠠᠯ ᠤᠨ ᠠᠭᠤᠯᠭ᠎ᠠ ᠲᠡᠶ ᠳᠤᠰᠤᠨ ᠵᠢᠷᠤᠭ ᠢ ᠰᠤᠨᠢᠷᠬᠠᠭᠠᠤᠨ᠃

ᠨᠠᠷᠠᠨ ᠮᠠᠳᠤᠭ᠎ᠠ ᠥᠭᠡᠢ

ᠭᠡᠷᠡᠯ ᠶᠢᠡᠷ ᠶᠢᠡᠨ ᠭᠡᠭᠡᠪᠴᠢ ᠭᠢᠵᠤ

ᠥᠷᠯᠦᠭᠡ ᠶᠢᠨ ᠳᠤᠯᠤᠩ ᠶᠢᠡᠨ ᠰᠢᠵᠢᠮᠯᠡᠭᠦᠯᠦᠭ᠍ᠰᠡᠨ᠂

ᠣᠪᠣᠯᠵᠠᠬᠤ ᠰᠡᠳᠭᠢᠯ ᠤᠨ ᠭᠢᠨ

ᠣᠯᠠᠭᠠᠨ ᠥᠩᠭᠡ ᠶᠢ

ᠠᠭᠤᠯᠠ ᠴᠤᠤᠷᠢᠶᠠᠳᠤᠭᠤᠯᠤᠨ

ᠳᠠᠯ᠎ᠠ ᠬᠠᠯᠢᠶᠠᠷᠠᠭᠤᠯᠤᠨ

ᠣᠰᠤ ᠳᠤᠨᠤᠷᠠᠭᠤᠯᠤᠨ

ᠬᠤᠷᠤ᠎ᠠ ᠶᠢ ᠣᠶᠠᠷᠠᠭᠤᠯᠤᠭᠰᠠᠨ᠃

ᠵᠢᠭᠠᠬᠠᠨ ᠰᠢᠪᠠᠤᠬᠠᠢ

ᠠᠮᠳᠠᠳᠤ ᠵᠡᠭᠦᠳᠤᠨ ᠡᠴᠡ ᠪᠠᠨ ᠮᠦᠰᠢᠶᠠᠨ ᠰᠠᠷᠢᠵᠤ

ᠳᠡᠭ᠍ᠷᠢ ᠶᠢᠨ ᠬᠠᠶᠠᠭ᠎ᠠ ᠶᠢ ᠠᠵᠢᠶᠠᠷᠠᠬᠤ ᠳᠠᠭᠠᠨ

ᠳᠤᠷᠮᠤᠭᠤᠷ ᠨᠢᠳᠤᠨ ᠳ᠋ᠤᠨᠢ

ᠣᠯᠠᠯᠵᠠᠬᠤ ᠣᠴᠢ ᠰᠡᠭᠦᠳᠡᠩᠨᠡᠵᠤ

ᠱᠤᠪᠣᠭᠤᠷᠬᠠᠨ ᠬᠤᠩᠰᠢᠶᠠᠷ ᠲᠤᠨᠢ

ᠣᠶᠠᠬᠠᠨ ᠡᠭᠡᠰᠢᠭ᠌ ᠵᠡᠷᠭᠡᠯᠭᠡᠯᠡᠨ᠎ᠡ᠃

ᠮᠤᠳᠤᠨ ᠨᠠᠪᠴᠢᠰ ᠣᠯᠠᠭᠠᠨ ᠪᠠᠩᠵᠠᠯ ᠡᠮᠦᠰᠤᠨ

ᠬᠠᠮᠳᠤ ᠶᠢᠨ ᠪᠦᠵᠢᠭ᠌ ᠶᠢᠡᠨ ᠭᠦᠪᠦᠯᠵᠡᠭᠦᠯᠵᠤ

ᠠᠶᠠᠰ ᠤᠨ ᠰᠠᠯᠭᠢ ᠣᠯᠠᠭᠠᠨ ᠭᠦᠰᠡᠯ ᠶᠢᠡᠨ

ᠠᠶᠠᠷᠠᠭᠤᠨ ᠣᠷᠤᠰᠬᠠᠯ ᠶᠢᠡᠷ ᠢᠯᠪᠢᠯᠵᠡᠭᠦᠯᠵᠤ

ᠰᠢᠭᠦᠳᠡᠷᠢ ᠶᠢᠨ ᠮᠥᠭᠦᠯᠢᠭ᠌ ᠣᠯᠠᠭᠠᠨ ᠥᠩᠭᠡ ᠪᠠᠷ ᠠᠳᠢᠰᠯᠠᠵᠤ

ᠡᠪᠠᠰᠤᠨ ᠤ ᠥᠵᠦᠭᠦᠷ ᠲᠤ ᠭᠢᠯᠠᠷᠠᠨ᠎ᠠ᠃

ᠬᠠᠢ᠌ᠷ᠎ᠠ ᠪᠠᠷ ᠪᠢᠯᠬᠠᠷᠠᠭᠰᠠᠨ ᠡᠩ ᠶ‍ᠢᠷᠳᠢᠠᠴᠤ

ᠠᠳᠤᠭᠤᠴᠢᠨ ᠤ ᠣᠷᠭ᠎ᠠ ᠳᠤ ᠭᠤᠭᠴᠤᠭᠠᠯᠠᠭᠳᠠᠨ

ᠬᠠᠢ᠌ᠷ᠎ᠠ ᠪᠠᠷ ᠢᠳᠡᠮᠯᠡᠭ᠍ᠰᠡᠨ ᠭᠦᠰᠡᠯ

ᠭᠡᠦᠭᠡᠡᠴᠦᠳ ᠤᠨ ᠬᠠᠴᠠᠷ ᠲᠤ ᠪᠣᠳᠤᠭᠯᠠᠭᠳᠠᠭᠠᠤᠨ

ᠬᠠᠢ᠌ᠷ᠎ᠠ ᠪᠠᠷ ᠡᠮᠵᠢᠶᠡᠷᠯᠡᠭ᠍ᠰᠡᠨ ᠵᠠᠭᠢᠶ᠎ᠠ

ᠢᠰᠡᠭᠡᠢ ᠭᠡᠷ ᠤᠨ ᠬᠠᠨ᠎ᠠ ᠳᠤ ᠣᠭᠤᠰᠤᠷᠯᠠᠭᠠᠤᠨ

ᠬᠠᠢ᠌ᠷ᠎ᠠ ᠪᠠᠷ ᠳᠡᠯᠡᠷᠡᠭ᠍ᠰᠡᠨ ᠣᠷᠢᠶ᠎ᠠ

ᠪᠠᠭᠠᠴᠤᠳ ᠤᠨ ᠳᠠᠭᠤᠨ ᠳᠤ ᠭᠦᠪᠦᠷᠡᠭ᠍ᠰᠡᠨ᠃

ᠬᠤᠨᠢᠨ ᠰᠥᠷᠦᠭ᠌ ᠳᠤᠰᠤᠨ ᠵᠢᠷᠤᠭ ᠤᠨ

ᠬᠤᠯᠢᠴᠠ ᠦᠭᠡᠶ ᠴᠠᠭᠠᠬᠠᠨ ᠰᠡᠢ᠌ᠷᠡᠭᠦᠯᠦᠯ

ᠠᠭᠳᠠ ᠶᠢᠨ ᠳᠤᠭᠤᠷᠠᠢ ᠳᠤ

ᠴᠡᠴᠡᠭ᠌ ᠤᠨ ᠪᠣᠳᠠᠷᠠᠭ᠎ᠠ

ᠥᠩᠭᠡ ᠢᠯᠭᠠᠷᠠᠮ᠎ᠠ ᠪᠣᠳᠤᠮᠯᠠᠯ

ᠠᠶ‍ᠳᠠᠢ᠌ᠬᠠᠨ ᠠᠮᠢᠳᠤᠷᠠᠯ

ᠡᠶᠡᠷᠡᠭᠦᠨ ᠬᠠᠢ᠌ᠷ᠎ᠠ

ᠥᠷᠯᠦᠭᠡ ᠶᠢᠨ ᠨᠠᠷᠠᠨ ᠤ

ᠲᠦᠮᠡᠨ ᠵᠤᠷᠪᠣᠰ ᠰᠠᠴᠤᠷᠠᠭ ᠡᠴᠡ

ᠦᠨᠢᠳᠠ ᠴᠢᠪᠬᠠᠳᠠᠭᠳᠠᠭᠰᠠᠨ ᠳᠠᠭᠤᠯᠠᠯ᠃


ᠵᠠᠯᠠᠢ᠌ᠳ ᠬᠤᠰᠢᠭᠤᠨ ᠤ ᠢᠠᠳᠠᠷ ᠳᠠᠭᠢ ᠵᠢᠷᠭᠤᠳᠤᠭᠠᠷ ᠳᠤᠮᠳᠠᠳᠤ ᠰᠤᠷᠭᠠᠭᠤᠯᠢ

ᠯᠢ ᠳᠢᠶᠠᠨ ᠰᠢ (ᠲ᠋ᠡᠭ᠍ᠷᠢᠡᠪᠠᠶᠡᠷ)


ᠵᠤᠬᠢᠶᠠᠭᠴᠢ᠄ ᠯᠢ ᠳᠢᠶᠠᠨ ᠰᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2649
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ