☆ ᠭᠠᠯ
ᠮᠢᠨᠤ ᠡᠵᠢ ᠪᠣᠯ ᠨᠠᠷᠠ ᠶᠤᠮ
᠊᠊᠊᠊᠊᠊᠊᠊᠊᠊᠊᠊᠊᠊᠊ 90 ᠵᠢᠨ ᠳᠠᠪᠠᠭᠠᠨ ᠳᠡᠭᠡᠷ᠎ᠡ ᠶᠢᠷᠳᠢᠠᠴᠤ ᠶᠢ ᠪᠠᠷᠠᠯᠠᠭᠰᠠᠨ ᠠᠴᠢᠳᠤ ᠡᠵᠢ ᠳᠡᠭᠡᠨ ᠡᠷᠭᠦᠪᠡ
ᠴᠡᠩᠭᠡᠷ ᠠᠭᠠᠷ ᠶᠢᠡᠨ ᠳᠤᠭᠤᠨᠤ ᠪᠠᠷ ᠶᠢᠡᠨ ᠳᠤᠯᠵᠤ
ᠴᠡᠯᠡᠭᠡᠷ ᠳᠠᠯ᠎ᠠ ᠪᠠᠨ ᠰᠥᠷᠦᠭ᠌ ᠶᠢᠠᠷ ᠶᠢᠡᠨ ᠴᠢᠮᠠᠵᠤ
ᠭᠦᠰᠡᠯ ᠤᠨ ᠭᠡᠢ᠌ᠮᠦᠷᠢ ᠳᠤᠯᠭ᠎ᠠ ᠪᠠᠨ ᠭᠦᠭ᠍ᠵᠢᠭᠡᠨ
ᠭᠦᠷᠡᠩ ᠴᠠᠢ ᠲᠡᠶ ᠢᠳᠡᠭᠡᠯ ᠶᠢᠡᠨ ᠰᠠᠮᠤᠷᠠᠭᠰᠠᠨ
ᠨᠠᠷᠠᠨ ᠤ ᠣᠭᠤᠷᠠᠭ ᠰᠦᠨ ᠢᠪᠢᠯᠤᠯ
ᠨᠠᠪᠴᠢᠨ ᠤ ᠳᠠᠯ᠎ᠠ ᠪᠠᠷ ᠭᠡᠷᠡᠯ ᠠᠰᠬᠠᠯᠠᠭᠰᠠᠨ
ᠮᠢᠨᠤ ᠡᠵᠢ ᠶᠢᠨ ᠡᠨᠡᠷᠢᠩᠭᠦᠢ ᠳᠦᠷᠢ
ᠮᠢᠩᠭ᠋ᠠᠨ ᠨᠠᠮᠤᠷ ᠤᠨ ᠭᠡᠭᠡ ᠪᠢᠯᠠ
ᠠᠯᠤᠰ ᠤᠨ ᠣᠳᠤᠷ ᠠᠳᠤᠭᠤ ᠪᠠᠨ ᠮᠠᠨᠠᠭᠰᠠᠨ
ᠠᠪᠣ ᠶᠢᠨ ᠰᠦᠷ ᠲᠡᠶ ᠠᠭᠤᠯᠠᠰ ᠶᠢᠡᠨ ᠬᠠᠷᠠᠨ
ᠠᠮᠢᠳᠤᠷᠠᠯ ᠤᠨ ᠭᠦᠨᠦᠭ᠌ ᠲᠤ ᠵᠢᠷᠭᠠᠯ ᠪᠢᠯᠬᠠᠭᠤᠯᠤᠨ
ᠡᠵᠢ ᠶᠢᠨ ᠬᠠᠢ᠌ᠷ᠎ᠠ ᠪᠠᠨ ᠰᠠᠨᠠᠨ ᠶᠠᠪᠣᠬᠤ ᠳᠤ
ᠨᠤᠮᠢᠨ ᠭᠡᠮᠡᠷᠯᠢᠭ᠌ ᠴᠡᠴᠡᠭ᠌ ᠤᠨ ᠳᠡᠯᠡᠭᠡᠢ
ᠨᠤᠭᠤᠭᠠᠨ ᠬᠠᠪᠣᠷ ᠤᠨ ᠬᠤᠷᠮᠤᠢ ᠳᠠᠷᠪᠠᠨ
ᠨᠤᠳᠤᠭ ᠤᠨ ᠰᠠᠯᠭᠢ ᠡᠭᠦᠯᠡᠰ ᠰᠠᠮᠤᠴᠢᠨ
ᠡᠵᠢ ᠶᠢᠨ ᠪᠠᠷ᠎ᠠ ᠶᠢ ᠨᠢᠳᠤᠨ ᠳᠤ ᠬᠠᠷᠠᠭᠳᠠᠭᠤᠯᠤᠨ᠎ᠠ
ᠦᠷ᠎ᠡ ᠶᠢᠨ ᠰᠠᠢ᠌ᠨ ᠢ ᠥᠵᠡᠭᠦ ᠭᠡᠮᠡᠨ
ᠵᠠᠯᠪᠢᠷᠠᠵᠤ ᠶᠠᠪᠣᠳᠠᠭ ᠮᠢᠨᠤ ᠡᠵᠢ
ᠥᠷᠯᠦᠭᠡ ᠦᠳᠡᠰᠢ ᠶᠢ ᠢᠯᠭᠠᠯ ᠦᠭᠡᠶ
ᠶᠠᠰᠤ ᠪᠠᠨ ᠭᠠᠵᠢᠳᠠᠯᠠ ᠵᠢᠦᠡᠭᠦᠭ᠍ᠰᠡᠨ ᠰᠠᠨ᠁
ᠣᠯᠠᠭᠠᠠᠬᠠᠳᠠ ᠶᠢᠨ ᠡᠳᠦᠷ ᠤᠨ ᠰᠤᠨᠢᠨ ᠳᠤ ᠨᠡᠢ᠌ᠳᠡᠯᠡᠭ᠍ᠳᠡᠪᠡ
ᠵᠤᠬᠢᠶᠠᠭᠴᠢ ᠶᠢᠨ ᠬᠠᠶᠢᠭ ᠄ ᠣᠯᠠᠭᠠᠠᠬᠠᠳᠠ
ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2647
ᠴᠠᠭ᠄ 2009 ᠤᠨ ᠤ 12 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ