☆ ᠳ·ᠠᠭᠤᠯᠠ
ᠨᠠᠮᠤᠷ ᠤᠨ ᠪᠣᠷᠤᠭᠠᠨ
ᠡᠭᠡ ᠭᠠᠵᠠᠷ ᠤᠨ ᠰᠤᠷᠮᠤᠤᠰᠤᠨ ᠳᠤ
ᠡᠷᠳᠡ ᠶᠢᠨ ᠰᠢᠭᠦᠳᠡᠷᠢ ᠳᠤᠭᠯᠠᠬᠤ ᠰᠢᠭ
ᠬᠤᠨᠢᠨ ᠳᠤ ᠶᠠᠪᠣᠭᠰᠠᠨ ᠡᠵᠢ ᠶᠢᠨ
ᠬᠤᠷᠮᠤᠢ ᠳᠤ ᠳᠡᠷᠪᠠᠭᠦ ᠡᠷᠪᠠᠭᠡᠢ ᠰᠢᠭ᠌
ᠬᠤᠩᠭ᠋ᠤᠷ ᠨᠠᠮᠤᠷ ᠤᠨ ᠪᠣᠷᠤᠭᠠᠨ
ᠬᠤᠷ᠎ᠠ ᠭᠦᠰᠡᠭ᠍ᠰᠡᠨ ᠴᠡᠴᠡᠭᠡᠰ ᠶᠢᠡᠨ
ᠬᠤᠨᠢᠶᠠᠰᠤ ᠳᠡᠨᠡᠢ᠌ᠯᠭᠡᠨ ᠣᠮᠳᠠᠯᠠᠨ᠎ᠠ
ᠣᠭᠳᠠᠷᠭᠤᠢ ᠶᠢᠨ ᠴᠡᠭᠡᠯ ᠳᠤ
ᠣᠰᠤᠨ ᠯᠤᠤ ᠮᠠᠭᠰᠢᠵᠤ
ᠣᠰᠤᠨ ᠤ ᠦᠨᠦᠷ
ᠬᠠᠩ ᠳᠠᠳᠠᠨ ᠰᠠᠩᠭᠢᠨᠠᠵᠤ
ᠬᠤᠩᠭ᠋ᠤᠷ ᠨᠠᠮᠤᠷ ᠤᠨ ᠪᠣᠷᠤᠭᠠᠨ
ᠣᠮᠳᠠ ᠳᠤᠷᠠᠰᠤᠭᠰᠠᠨ ᠣᠷᠭᠤᠮᠠᠯ ᠳᠠᠭᠠᠨ
ᠷᠠᠰᠢᠶᠠᠨ ᠢᠪᠠᠭᠡᠵᠤ ᠰᠢᠪᠠᠷᠠᠨ᠎ᠠ
ᠡᠭᠡ ᠶᠢᠨ ᠪᠦᠦᠪᠠᠢ ᠲᠡᠶ ᠨᠤᠳᠤᠭ
ᠡᠷᠭᠡ ᠵᠢᠷᠭᠠᠯ ᠶᠢᠡᠷ ᠠᠮᠢᠰᠬᠤᠯᠯᠠᠨ
ᠡᠩᠬᠡ ᠶᠢᠨ ᠳᠠᠭᠤᠤ ᠠᠶᠠᠯᠠᠬᠤ
ᠬᠤᠩᠭ᠋ᠤᠷ ᠨᠠᠮᠤᠷ ᠤᠨ ᠪᠣᠷᠤᠭᠠᠨ
ᠳᠠᠩᠭᠢᠯ ᠣᠯᠢᠶᠠᠷᠬᠠᠭ ᠬᠡᠦᠬᠡᠳ ᠤᠨ
ᠳᠤᠷᠭᠠᠨ ᠵᠤᠯᠠᠢ ᠶᠢ ᠦᠨᠦᠰᠤᠨ
ᠳᠤᠷᠨᠢᠬᠤ ᠶᠢᠨ ᠣᠶᠠᠩᠭ᠋ᠠᠨ ᠴᠢᠪᠠᠭᠳᠠᠯ ᠪᠣᠯᠵᠤ
ᠳᠤᠤᠯᠢᠮ᠎ᠠ ᠬᠤᠷᠸ᠎ᠠ ᠶᠢ ᠡᠩᠭᠦᠷᠡᠢ᠌ᠢᠯᠡᠨ ᠵᠦᠰᠠᠷᠠᠨ᠎ᠠ
ᠣᠮᠪᠣᠯᠤ ᠪᠠᠨ ᠥᠭᠦᠭᠡᠷᠳᠦᠭ᠍ᠰᠡᠨ ᠡᠪᠦᠭᠡ
ᠰᠠᠬᠠᠯ ᠶᠢᠡᠨ ᠢᠮᠠᠷᠤᠨ ᠮᠥᠰᠢᠶᠡᠭᠦ ᠳᠤ
ᠣᠶᠤᠳᠠᠯ ᠳᠠᠭᠠᠨ ᠶᠠᠭᠠᠷᠠᠭᠰᠠᠨ ᠡᠮᠡᠭᠡ
ᠣᠳᠠᠰᠤ ᠪᠠᠨ ᠳᠠᠳᠠᠯᠠᠨ ᠭᠦᠭᠡᠷᠴᠤ
ᠣᠰᠤᠨ ᠣᠨᠢᠶᠠᠷ ᠰᠠᠭᠤᠭᠰᠠᠨ
ᠠᠭᠤᠯᠠᠰ ᠤᠨ ᠪᠠᠷ᠎ᠠ ᠶᠢ ᠰᠢᠷᠳᠡᠭᠡᠳ
《ᠦᠷ᠎ᠡ ᠲᠦᠮᠦᠰᠦ ᠰᠠᠭᠤᠬᠤ ᠡᠷᠢᠨ ᠳᠤ
ᠦᠨᠳᠦᠷ ᠳᠡᠭ᠍ᠷᠢ ᠳᠤᠰᠤ ᠬᠠᠢ᠌ᠷᠠᠯᠠᠯ᠎ᠠ
ᠦᠷᠡᠯᠡᠭᠦ ᠶᠢ ᠶᠠᠭᠠᠷᠠᠭᠰᠠᠨ ᠳᠠᠪᠤᠨ ᠳᠠᠷᠢᠶᠠᠨ ᠳᠤ
ᠦᠷᠳᠡᠭ᠌ ᠶᠡᠭᠡ ᠲᠡᠶ ᠰᠢᠮ᠎ᠠ ᠰᠤᠶᠤᠷᠬᠠᠯ᠎ᠠ
ᠥᠩᠰᠢᠭ᠌ ᠨᠠᠮᠤᠷ ᠤᠨ ᠰᠤᠪᠢᠩ ᠰᠠᠭᠠᠳᠠᠵᠤ
ᠦᠩ ᠲᠡᠶ ᠵᠢᠯ ᠪᠣᠯᠬᠤ ᠨᠢ ᠡ ︕》 ᠭᠡᠵᠤ
ᠡᠭᠦᠳᠡᠨ ᠰᠢᠳᠤ ᠪᠠᠨ ᠣᠮᠤᠭᠤᠯᠳᠤᠭᠤᠯᠤᠨ
ᠦᠷᠦᠭᠡ ᠭᠡᠷ ᠢ ᠭᠦᠩᠭᠢᠨᠡᠳᠡᠯᠡ ᠥᠭᠦᠯᠡᠵᠤ
ᠦᠷᠤᠴᠠ ᠳᠦᠭᠦᠷᠡᠩ ᠡᠷᠡᠮᠡᠯᠵᠡᠯ ᠲᠡᠶ
ᠦᠨᠢᠷ ᠵᠢᠷᠭᠠᠯ ᠤᠨ ᠭᠦᠰᠡᠯ ᠲᠡᠶ
ᠦᠵᠡᠭᠦ ᠨᠢᠳᠤᠨ ᠳᠡᠭᠡᠨ ᠪᠠᠶᠰᠤᠯ ᠲᠡᠶ
ᠦᠷᠭᠦᠢ ᠬᠠᠢ᠌ᠷ᠎ᠠ ᠶᠢᠨ ᠬᠠᠷᠠᠴᠠ ᠪᠠᠷ
ᠣᠮᠪᠣᠯᠤ ᠪᠠᠨ ᠭᠦᠷᠳᠡᠨ ᠵᠤᠤᠮᠠᠯᠵᠠᠨᠠ ︕
ᠵᠤᠬᠢᠶᠠᠭᠴᠢ᠄ ᠳ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12746
ᠴᠠᠭ᠄ 2014 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ