ᠨᠡᠪᠲᠡᠷᠡᠨ ᠤᠷᠤᠬᠤ
ᠡᠵᠢ ᠮᠢᠨᠢ

ᠳᠠᠷᠬᠠᠨ ᠠᠭᠤᠯᠠ ᠶᠢᠨ ᠮᠢᠨᠢ ᠪᠠᠷ᠎ᠠ

ᠳᠠᠩᠳᠠ ᠪᠠᠨ ᠨᠠᠳᠠᠳᠤ ᠡᠷᠢᠭ᠍ᠳᠡᠭᠦ ᠳ᠋ᠤ

ᠳᠡᠩᠳᠡᠭᠦᠤ ᠠᠴᠢᠳᠠᠨ ᠡᠵᠢ ᠮᠢᠨᠢ

ᠳᠡᠷᠭᠡᠳᠡ ᠮᠢᠨᠢ ᠪᠠᠢ᠌ᠬᠤ ᠰᠢᠭ᠌ ᠰᠠᠨᠠᠭᠳᠠᠨ᠎ᠠ᠃

ᠭᠦᠩᠭᠡᠷ ᠤᠨ ᠭᠤᠤᠯ ᠤᠨ ᠮᠢᠨᠢ ᠣᠰᠤ

ᠭᠡᠵᠢᠶᠡᠳᠡ ᠨᠠᠳᠠᠳᠤ ᠡᠷᠢᠭ᠍ᠳᠡᠭᠦ ᠳᠤ

ᠭᠦᠭᠡᠷᠦᠭᠦᠢ ᠪᠣᠭᠤᠷᠤᠯ ᠡᠵᠢ ᠮᠢᠨᠢ

ᠬᠠᠵᠠᠭᠤ ᠳᠤ ᠪᠠᠢ᠌ᠬᠤ ᠰᠢᠭ᠌ ᠪᠣᠳᠤᠭᠳᠠᠨ᠎ᠠ᠃

ᠥᠩᠭᠡᠰᠢᠭ᠌ ᠨᠠᠮᠤᠷ ᠤᠨ ᠳᠠᠯ᠎ᠠ

ᠦᠳᠡᠰᠢ ᠶᠢᠨ ᠳᠤᠶᠠᠭᠠᠨ ᠳᠤ ᠰᠢᠷᠭᠠᠯᠳᠤᠬᠤ ᠳᠤ

ᠡᠨᠡᠷᠢᠯ ᠤᠨ ᠳᠡᠭ᠍ᠷᠢ ᠡᠵᠢ ᠮᠢᠨᠢ

ᠡᠷᠭᠢᠭᠡᠳ ᠢᠷᠡᠭᠦ ᠶᠤᠮ ᠰᠢᠭ᠌ ᠬᠠᠷᠠᠭᠳᠠᠨ᠎ᠠ᠃

ᠰᠠᠠᠰᠠᠷ ᠲᠤ ᠰᠥᠮᠡᠯᠵᠡᠭᠦ ᠰᠠᠷᠠᠨ

ᠰᠠᠴᠤᠷᠠᠭ ᠭᠡᠷᠡᠯ ᠶᠢᠡᠨ ᠣᠢ᠌ᠬᠤ ᠳᠤ

ᠰᠠᠢ᠌ᠬᠠᠨ ᠰᠡᠳᠭᠢᠯᠳᠤ ᠡᠵᠢ ᠮᠢᠨᠢ

ᠰᠠᠷᠠᠪᠴᠢᠯᠠᠨ ᠪᠠᠢ᠌ᠬᠤ ᠶᠤᠮ ᠰᠢᠭ᠌ ᠬᠠᠷᠠᠭᠳᠠᠨ᠎ᠠ᠃

ᠡᠵᠢ ᠮᠢᠨᠢ᠂ ᠡᠵᠢ ᠮᠢᠨᠢ

ᠦᠨᠡᠨ ᠬᠠᠢ᠌ᠷᠠᠳᠠᠢ ᠡᠵᠢ ᠮᠢᠨᠢ

ᠦᠷ᠎ᠡ ᠶᠢᠨ ᠰᠡᠳᠭᠢᠯ ᠳᠤ ᠮᠥᠩᠭᠡ ᠬᠤᠨᠤᠭᠰᠢᠭᠰᠠᠨ

ᠦᠨᠢ ᠡᠭᠦᠷᠢᠳᠡ ᠶᠢᠨ ᠬᠠᠢ᠌ᠷ᠎ᠠ ︕


ᠵᠤᠬᠢᠶᠠᠭᠴᠢ ᠶᠢᠨ ᠬᠠᠶ‍ᠢᠭ ᠄ ᠣᠯᠠᠭᠠᠠᠬᠠᠳᠠ ᠬᠤᠳᠠ ᠶᠢᠨ ᠭᠡᠰᠢᠭ᠍ᠳᠡᠨ ᠬᠤᠰᠢᠭᠤᠨ ᠤ ᠴᠤᠭ ᠺᠤᠮᠫᠢᠦ᠋ᠲ᠋ᠧᠷ

ᠵᠤᠬᠢᠶᠠᠭᠴᠢ᠄ ᠴᠤᠭᠪᠠᠳᠠᠷᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3005
ᠴᠠᠭ᠄ 2009 ᠤᠨ ᠤ 12 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ