ᠨᠡᠪᠲᠡᠷᠡᠨ ᠤᠷᠤᠬᠤ
ᠡᠭᠡ ᠭᠡᠯᠡ ᠮᠢᠨᠢ ᠮᠤᠩᠭ᠋ᠤᠯ

ᠲᠦᠮᠡᠨ ᠣᠨ ᠤ ᠭᠡᠷᠡᠭ᠌ ᠶᠠᠪᠣᠳᠠᠯ ᠢ

     ᠪᠣᠰᠤᠭ᠎ᠠ ᠪᠠᠷ ᠨᠠᠮᠳᠠᠷᠯᠠᠳᠠᠭ ᠮᠤᠩᠭ᠋ᠤᠯ ᠭᠡᠯᠡ

ᠳᠡᠦᠭᠡ ᠴᠠᠳᠢᠭ ᠤᠨ ᠡᠭᠦᠰᠦᠯ ᠭᠦᠭ᠍ᠵᠢᠯ ᠢ

     ᠪᠣᠰᠤᠭ᠎ᠠ ᠪᠠᠷ ᠱᠠᠰᠳᠢᠷᠯᠠᠳᠠᠭ ᠮᠤᠩᠭ᠋ᠤᠯ ᠭᠡᠯᠡ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠡᠩᠭᠡ ᠭᠦᠭ᠍ᠵᠢᠯ ᠲᠡᠶ ᠰᠦᠯᠳᠡ ᠭᠡᠯᠡ᠃

ᠣᠷᠳᠤ ᠶᠢᠨ ᠣᠷᠳᠤ ᠳᠡᠦᠭᠡ ᠶᠢᠨ ᠠᠶᠠᠨ ᠳ᠋ᠤ

     ᠣᠷᠠᠨ ᠰᠢᠳᠢ ᠪᠠᠨ ᠭᠠᠢ᠌ᠬᠠᠭᠤᠯᠤᠭᠰᠠᠨ ᠭᠡᠯᠡ

ᠣᠨ ᠵᠢᠯ ᠤᠨ ᠰᠢᠷᠦᠭᠦᠨ ᠣᠷᠤᠰᠬᠠᠯ ᠳ᠋ᠤ

     ᠣᠶᠠᠬᠠᠨ ᠨᠠᠮᠪᠠ ᠪᠠᠨ ᠬᠠᠳᠠᠭᠠᠯᠠᠭᠰᠠᠨ ᠭᠡᠯᠡ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠡᠪᠦᠭᠡ ᠳᠡᠭᠡᠳᠦᠰ ᠤᠨ ᠮᠢᠨᠢ ᠰᠢᠳᠦᠭᠡᠨ ᠭᠡᠯᠡ᠃

ᠮᠤᠷᠢᠨ ᠬᠤᠭᠤᠷ ᠤᠨ ᠮᠢᠨᠢ ᠣᠶᠠᠩᠭ᠋ᠠᠠᠬᠠᠨ ᠠᠶᠠᠰ

     ᠮᠤᠩᠭ᠋ᠤᠯ ᠭᠡᠯᠡᠨ ᠳᠤ ᠮᠢᠨᠢ ᠨᠡᠪᠴᠢᠭ᠍ᠰᠡᠨ ᠪᠠᠢ᠌ᠳᠠᠭ

ᠮᠤᠷᠢᠳᠠᠨ ᠦᠨᠳᠦᠰᠦᠳᠠᠨ ᠤ ᠮᠢᠨᠢ ᠪᠠᠭᠠᠳᠤᠷ ᠵᠢᠪᠬᠤᠭ᠎ᠠ

     ᠮᠤᠩᠭ᠋ᠤᠯ ᠭᠡᠯᠡ ᠳᠤ ᠮᠢᠨᠢ ᠱᠤᠭᠤᠭᠳᠠᠭᠰᠠᠨ ᠪᠠᠢ᠌ᠳᠠᠭ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠥᠯᠢᠭᠡᠷ ᠳᠤᠤᠯᠢ ᠲᠡᠶ ᠪᠠᠭᠠᠳᠤᠷ ᠭᠡᠯᠡ᠃

ᠳᠠᠭᠠᠨ᠎ᠠ ᠮᠠᠩᠭᠢᠷ ᠤᠨ ᠬᠠᠩᠬᠠᠯᠤᠭᠤᠨ ᠦᠨᠦᠷ

     ᠮᠤᠩᠭ᠋ᠤᠯ ᠭᠡᠯᠡ ᠡᠴᠡ ᠮᠢᠨᠢ ᠠᠩᠭᠢᠯᠤᠨ᠎ᠠ

ᠳᠠᠷᠠᠭ ᠠᠢ᠌ᠷᠠᠭ ᠤᠨ ᠪᠠᠶᠠᠨ ᠪᠣᠯᠠᠭ

    ᠮᠤᠩᠭ᠋ᠤᠯ ᠭᠡᠯᠡ ᠡᠴᠡ ᠮᠢᠨᠢ ᠣᠠᠳᠤᠷᠤᠨ᠎ᠠ

         ᠡᠭᠡ ᠭᠡᠯᠡ ᠮᠢᠨᠢ ᠮᠤᠩᠭ᠋ᠤᠯ᠂   ᠮᠤᠩᠭ᠋ᠤᠯ

         ᠦᠨᠳᠦᠰᠦᠳᠠᠨ ᠤ ᠣᠮᠤᠭᠰᠢᠯᠳᠤ ᠳᠠᠷᠬᠠᠨ ᠭᠡᠯᠡ᠃

ᠡᠷ᠎ᠡ ᠶᠢᠨ ᠭᠤᠷᠪᠠᠨ ᠨᠠᠭᠠᠳᠤᠮ ᠤᠨ ᠵᠢᠷᠤᠭ

     ᠮᠤᠩᠭ᠋ᠤᠯ ᠭᠡᠯᠡ ᠡᠴᠡ ᠮᠢᠨᠢ ᠳᠤᠳᠤᠷᠠᠨ᠎ᠠ

ᠡᠭᠡᠰᠢᠭᠯᠢᠭ᠌ ᠣᠶᠠᠩᠭ᠋ᠠᠳᠤ ᠣᠷᠳᠤ ᠶᠢᠨ ᠳᠠᠭᠤᠤ

     ᠮᠤᠩᠭ᠋ᠤᠯ ᠭᠡᠯᠡ ᠡᠴᠡ ᠮᠢᠨᠢ ᠢᠪᠢᠯᠤᠨ᠎ᠡ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠣᠳᠤᠮᠰᠢᠯᠳᠤ ᠢᠷᠠᠭᠤ ᠭᠠᠢ᠌ᠬᠠᠮᠰᠢᠭᠳᠤ ᠭᠡᠯᠡ᠃

ᠠᠠᠳᠠᠢ ᠪᠦᠵᠢᠭ᠌ ᠤᠨ ᠭᠤᠴᠤᠯᠢᠭ ᠠᠶᠠᠰ

     ᠮᠤᠩᠭ᠋ᠤᠯ ᠭᠡᠯᠡ ᠡᠴᠡ ᠮᠢᠨᠢ ᠴᠤᠤᠷᠢᠶᠠᠳᠤᠨ᠎ᠠ

ᠥᠯᠢᠭᠡᠷ ᠳᠤᠤᠯᠢ ᠶᠢᠨ ᠪᠠᠭᠠᠳᠤᠷ ᠢᠳᠠᠳᠠᠨ

     ᠮᠤᠩᠭ᠋ᠤᠯ ᠭᠡᠯᠡ ᠡᠴᠡ ᠮᠢᠨᠢ ᠴᠤᠭᠤᠷᠳᠠᠭᠳᠠᠨ᠎ᠠ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠶ‍ᠢᠷᠳᠢᠠᠴᠤ ᠳᠤ ᠭᠠᠭᠴᠠᠬᠠᠨ ᠪᠣᠰᠤᠭ᠎ᠠ ᠭᠡᠯᠡ᠃

ᠠᠽᠢᠶ᠎ᠠ ᠧᠦᠷᠦᠫᠡ ᠶᠢᠨ ᠪᠣᠯᠪᠠᠰᠤᠨ ᠢ ᠠᠭᠢᠭᠤᠯᠤᠭᠰᠠᠨ

     ᠪᠣᠰᠤᠭ᠎ᠠ ᠵᠤᠷᠢᠭ ᠮᠢᠨᠢ ᠮᠤᠩᠭ᠋ᠤᠯ ᠪᠢᠯᠠ

ᠡᠷᠡᠨ ᠵᠠᠭᠤᠨ ᠲᠡᠶ ᠠᠮᠢᠰᠬᠤᠭ᠎ᠠ ᠨᠢᠭᠡᠳᠭᠡᠭ᠍ᠰᠡᠨ

     ᠴᠤᠭ ᠵᠢᠪᠬᠤᠭ᠎ᠠ ᠮᠢᠨᠢ ᠮᠤᠩᠭ᠋ᠤᠯ ᠪᠢᠯᠠ

         ᠡᠭᠡ ᠭᠡᠯᠡ ᠮᠢᠨᠢ ᠮᠤᠩᠭ᠋ᠤᠯ᠂ ᠮᠤᠩᠭ᠋ᠤᠯ

         ᠡᠶ᠎ᠡ ᠵᠤᠭᠢᠴᠠᠯ ᠲᠡᠶ ᠰᠤᠳᠤᠨ ᠭᠡᠯᠡ︕


ᠵᠤᠬᠢᠶᠠᠭᠴᠢ ᠶᠢᠨ ᠬᠠ‍‌ᠶᠢᠭ ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠪᠠᠷᠠᠭᠤᠨ ᠳᠠᠪᠢᠨ ᠰᠤᠷᠭᠠᠭᠤᠯᠢ

ᠵᠤᠬᠢᠶᠠᠭᠴᠢ᠄ ᠠᠰᠬ᠎ᠠ ᠶᠢᠨ ᠣᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 4327
ᠴᠠᠭ᠄ 2011 ᠤᠨ ᠤ 04 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ