ᠨᠡᠪᠲᠡᠷᠡᠨ ᠤᠷᠤᠬᠤ
ᠬᠠᠭᠠᠴᠠᠯ

         ᠲ᠋ᠠᠯ᠎ᠠ ᠡᠴᠠ ᠬᠤᠨᠢᠨ ᠰᠦᠷᠦᠭ᠌ ᠰᠠᠯᠠᠭᠠᠤᠨ ᠶᠠᠪᠣᠬᠤ ᠳ᠋ᠤ

         ᠲ᠋ᠠᠯ᠎ᠠ ᠳᠤ ᠪᠠᠨ ᠬᠤᠴᠤᠷᠠᠭᠰᠠᠨ ᠬᠤᠨᠢᠨ ᠪᠣᠷᠤ ᠬᠠᠷᠢᠶᠠᠴᠠᠢ

         ᠪᠠ ᠬᠤᠨᠢᠨ ᠪᠣᠷᠤ ᠭᠦᠷᠪᠠᠯ ᠢ ᠥᠵᠡᠭᠡᠳ


ᠬᠤᠨᠢᠨ ᠪᠣᠷᠤ ᠬᠠᠷᠢᠶᠠᠴᠠᠢ

ᠬᠤᠨᠢᠨ ᠰᠦᠷᠦᠭ᠌ ᠤᠨ ᠢᠳᠠᠰᠢᠯᠳᠠ ᠳ᠋ᠤ

ᠬᠤᠨᠤᠭᠰᠢᠵᠤ ᠡᠭᠦᠷᠯᠡᠭ᠍ᠰᠡᠨ ᠡᠪᠠᠰᠤᠨ ᠡᠴᠡ

ᠰᠤᠴᠢᠨ ᠨᠢᠰᠦᠭ᠍ᠰᠡᠨ

ᠬᠤᠤᠷᠠᠳᠤ ᠡᠷᠪᠠᠭᠡᠢ ᠶᠢ ᠰᠢᠭᠦᠷᠡᠵᠤ ᠢᠳᠡᠳᠡᠭ᠌

ᠬᠠᠷᠴᠠᠭᠠᠢ ᠰᠢᠪᠠᠭᠤᠨ ᠳᠤ ᠳᠠᠭᠤᠭᠳᠠᠪᠠᠯ

ᠬᠤᠨᠢᠨ ᠤ ᠭᠡᠳᠡᠰᠤᠨ ᠳᠤ ᠨᠠᠭᠠᠯᠳᠤᠵᠤ

ᠬᠤᠪᠢ ᠵᠢᠶᠠᠭ᠎ᠠ ᠪᠠᠨ ᠬᠠᠮᠠᠭᠠᠯᠠᠵᠤ ᠦᠷᠡᠵᠢᠳᠡᠭ᠌

ᠬᠤᠨᠢᠨ ᠰᠦᠷᠦᠭ᠌

ᠬᠤᠨᠤᠬᠤ ᠶᠢᠨ ᠵᠠᠭᠤᠷ᠎ᠠ ᠳ᠋ᠤ

ᠬᠤᠯᠠ ᠶᠢᠨ ᠬᠤᠯᠠ

ᠬᠤᠳᠠ ᠶᠢᠨ ᠳᠡᠯᠭᠡᠭᠦᠷ ᠲᠤ ᠶᠠᠪᠣᠭᠠᠤᠨ ᠦᠭ‍ᠭᠦ ᠳ᠋ᠤ

ᠬᠤᠨᠢᠨ ᠪᠣᠷᠤ ᠬᠠᠷᠢᠶᠠᠴᠠᠢ

ᠬᠤᠨᠢᠨ ᠰᠦᠷᠦᠭ᠌ ᠶᠢᠡᠨ ᠡᠷᠢᠭᠦ ᠳ᠋ᠤ

ᠬᠠᠷᠴᠠᠭᠠᠢ ᠰᠢᠪᠠᠭᠤᠨ ᠤ ᠰᠢᠭᠦᠷᠡᠯᠳᠡ ᠳ᠋ᠤ

ᠬᠤᠩᠭᠤᠷ ᠠᠮᠠᠷᠠᠭ ᠨᠢ ᠡ᠊ᠨᠳᠡᠵᠤ

ᠭᠦᠭᠡᠮᠳᠡᠭ᠌ ᠳᠠᠯ᠎ᠠ ᠶᠢᠨ ᠠᠭᠠᠷ ᠡᠴᠠ

ᠬᠤᠨᠢᠨ ᠰᠦᠷᠦᠭ᠌ ᠶᠢᠡᠨ ᠮᠦᠷᠦᠭᠡᠳᠦᠭ᠍ᠰᠡᠭᠡᠷ

ᠬᠤᠪᠢ ᠢᠷᠦᠭᠡᠯ ᠨᠢ ᠬᠠᠭᠠᠴᠠᠨ᠎ᠠ

ᠬᠤᠨᠢᠨ ᠪᠣᠷᠤ ᠭᠦᠷᠪᠠᠯ

ᠬᠤᠨᠢᠨ ᠰᠦᠷᠦᠭ᠌ ᠤᠨ ᠨᠣᠢ᠌ᠳᠠᠨ ᠱᠠᠪᠠᠢ ᠳᠡᠭᠡᠷ᠎ᠡ

ᠬᠤᠮᠤᠷᠠᠯᠳᠠᠨ ᠰᠠᠭᠤᠭᠰᠠᠨ

ᠬᠤᠮᠠᠭᠢ ᠪᠠᠳᠠᠭᠠᠨ᠎ᠠ ᠶᠢ ᠰᠤᠷᠤᠵᠤ ᠢᠳᠡᠳᠡᠭ᠌

ᠨᠡᠳᠡᠭᠡᠯ ᠰᠢᠪᠠᠭᠤᠨ ᠤ ᠳᠠᠭᠠᠷᠢᠯᠳᠠ ᠳᠤ ᠣᠴᠠᠷᠠᠪᠠᠯ

ᠬᠤᠨᠢᠨ ᠤ ᠱᠠᠪᠠᠢ ᠶᠢ ᠡᠷᠭᠦᠵᠤ

ᠬᠤᠪᠢ ᠪᠠᠶ᠎ᠠ ᠪᠠᠨ ᠳᠤᠤᠷ᠎ᠠ ᠨᠢ ᠳᠠᠯᠳᠠᠯᠠᠵᠤ ᠠᠮᠢᠳᠤ ᠭᠠᠷᠳᠠᠭ

ᠬᠤᠨᠢᠨ ᠰᠦᠷᠦᠭ᠌

ᠬᠤᠨᠤᠬᠤ ᠶᠢᠨ ᠵᠠᠭᠤᠷ᠎ᠠ

ᠬᠤᠯᠠ ᠶᠢᠨ ᠬᠤᠯᠠ

ᠬᠤᠳᠠ ᠶᠢᠨ ᠳᠡᠯᠭᠡᠭᠦᠷ ᠲ᠋ᠤ ᠶᠠᠪᠣᠭᠠᠤᠨ ᠦᠭ‍ᠭᠦ ᠳ᠋ᠤ

ᠬᠤᠨᠢᠨ ᠪᠣᠷᠤ ᠭᠦᠷᠪᠠᠯ

ᠬᠣᠢ᠌ᠳᠤ ᠬᠤᠶᠠᠷ ᠭᠦᠯ ᠶᠢᠡᠷ ᠶᠢᠡᠨ ᠵᠤᠭᠰᠤᠵᠤ

ᠬᠤᠮᠤᠭᠰᠠᠨ ᠰᠡᠭᠦᠯ ᠶᠢᠡᠨ ᠭᠤᠵᠣᠢ᠌ᠯᠭᠠᠨ

ᠬᠤᠨᠢᠨ ᠤ ᠬᠤᠷᠪᠣᠢ᠌ᠵᠤ ᠬᠠᠳᠠᠭᠰᠠᠨ ᠱᠠᠪᠠᠢ ᠶᠢ ᠮᠠᠨᠠᠵᠤ

ᠬᠤᠮᠤᠷᠠᠬᠤ ᠢᠯᠠᠭ᠎ᠠ ᠪᠠᠨ ᠭᠦᠯᠢᠶᠡᠭ᠍ᠰᠡᠭᠡᠷ

ᠭᠦᠴᠤ ᠳᠠᠮᠢᠷ ᠬᠤᠮᠰᠠᠳᠠᠵᠤ

ᠨᠡᠳᠡᠭᠡᠯ ᠰᠢᠪᠠᠭᠤᠨ ᠤ ᠳᠠᠭᠠᠷᠢᠯᠳᠠ ᠳ᠋ᠤ

ᠬᠤᠨᠢᠨ ᠤ ᠱᠠᠪᠠᠢ ᠶᠢ

ᠡᠷᠭᠦᠭᠦ ᠲ᠋ᠡᠩᠭᠡᠭᠡ ᠥᠭᠡᠢ ᠪᠤᠯᠵᠤ

ᠨᠡᠳᠡᠭᠡᠯ ᠰᠢᠪᠠᠭᠤᠨ ᠤ ᠰᠠᠪᠠᠷ ᠳᠤ ᠪᠠᠵᠠᠭᠳᠠᠭᠠᠤᠨ

ᠦᠨᠳᠦᠷ ᠠᠭᠠᠷ ᠡᠴᠠ

ᠬᠤᠨᠢᠨ ᠰᠦᠷᠦᠭ᠌ ᠵᠢᠠᠨ

ᠡᠴᠦᠰ ᠤᠨ ᠣᠳᠠᠭ᠎ᠠ ᠴᠤ ᠣᠯᠵᠤ ᠬᠠᠷᠠᠭᠰᠠᠨ ᠥᠭᠡᠢ

ᠡᠭᠡ ᠪᠠᠢ᠌ᠭᠠᠯᠢ ᠶᠢᠨ ᠭᠤᠷᠪᠠᠨ ᠠᠮᠠᠢ

ᠡᠶ᠎ᠡ ᠵᠤᠭᠢᠴᠠᠵᠤ ᠳᠡᠢ᠌ᠯᠦᠭ᠍ᠰᠡᠨ ᠦᠭᠡᠶ ᠣᠰᠠᠳᠤᠯ᠎ᠠ᠃


        ᠲ᠋ᠠᠢ᠌ᠯᠪᠣᠷᠢ

              ᠨᠡᠳᠡᠭᠡᠯ ᠊᠊᠊᠊᠊᠊᠊᠊᠊᠊᠊᠊᠊᠊᠊   ᠮᠤᠭᠠᠢ ᠭᠦᠷᠪᠠᠯ ᠶᠢᠡᠷ ᠢᠳᠡᠰᠢᠯᠡᠳᠡᠭ᠌ ᠨᠤᠳᠤᠭ ᠤᠨ ᠰᠢᠪᠠᠭᠤ

              ᠱᠠᠪᠠᠢ   ᠊᠊᠊᠊᠊᠊᠊᠊᠊᠊᠊᠊᠊᠊᠊   ᠬᠤᠨᠢᠨ ᠤ ᠦᠳᠭᠡᠨ ᠪᠠᠭᠠᠰᠤ


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2690
ᠴᠠᠭ᠄ 2012 ᠤᠨ ᠤ 06 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ