☆ ᠥᠭᠡᠯᠡᠳ·ᠣ·ᠪᠠᠭᠠᠳᠤᠷ
ᠴᠠᠰᠤ ᠡᠴᠠ ᠳᠡᠭᠦᠭ᠍ᠰᠡᠨ ᠪᠣᠳᠤᠯ
ᠴᠠᠰᠤ ᠪᠣᠯ ᠬᠠᠢ᠌ᠷ᠎ᠠ
ᠦᠷ᠎ᠡ ᠶᠢᠨ ᠲᠦᠯᠦᠭᠡ ᠣᠶᠠᠰᠠᠭᠰᠠᠨ
ᠡᠵᠢ ᠵᠢᠨ ᠨᠢᠯᠪᠣᠰᠤ
ᠨᠤᠳᠤᠭ ᠤᠨ ᠲᠦᠯᠦᠭᠡ ᠵᠢᠳᠭᠦᠭ᠍ᠰᠡᠨ
ᠠᠪᠣ ᠶᠢᠨ ᠰᠡᠳᠬᠢᠯ
ᠴᠠᠰᠤ ᠪᠣᠯ ᠰᠢᠯᠦᠭ᠌
ᠣᠩᠭ᠋ᠤᠨ ᠰᠠᠷᠠᠯ ᠡᠴᠡ ᠣᠠᠳᠤᠷᠠᠭᠰᠠᠨ
ᠵᠢᠷᠦᠭᠡᠨ ᠤ ᠴᠤᠭᠢᠯᠭ᠎ᠠ
ᠡᠵᠡᠨ ᠳᠡᠭ᠍ᠷᠢ ᠡᠴᠡ ᠦᠷᠤᠰᠢᠶᠠᠭᠰᠠᠨ
ᠪᠣᠳᠤᠯ ᠤᠨ ᠮᠥᠭᠦᠯᠢᠭ᠌ ᠡ
ᠴᠠᠰᠤ ᠪᠣᠯ ᠴᠢᠨᠠᠷ
ᠦᠷᠤ ᠵᠥᠭᠡᠯᠡᠨ ᠰᠡᠳᠬᠢᠯ ᠳᠠᠢ
ᠦᠨᠡᠠᠴᠢ ᠮᠤᠩᠭ᠋ᠤᠯ ᠵᠠᠩ
ᠴᠠᠰᠤ ᠪᠣᠯ ᠬᠠᠳᠠᠭ
ᠡᠭᠡ ᠳᠡᠯᠡᠭᠡᠢ ᠳᠡᠭᠡᠨ ᠡᠷᠭᠦᠭ᠍ᠰᠡᠨ
ᠡᠨᠡᠷᠢᠯ ᠬᠠᠢ᠌ᠷ᠎ᠠ ᠶᠢᠨ ᠪᠦᠷᠢᠯᠸ᠎ᠡ
ᠴᠠᠰᠤ ᠪᠣᠯ ᠠᠢ᠌ᠷᠠᠭ
ᠴᠠᠭᠠᠨ ᠢᠳᠡᠭᠡᠨ ᠤ ᠳᠡᠭᠡᠵᠢ
ᠡᠷᠡᠭᠦᠯ ᠡᠩᠬᠡ ᠶᠢᠨ ᠷᠠᠰᠢᠶᠠᠨ
ᠴᠠᠰᠤ ᠪᠣᠯ ᠣᠰᠤ
ᠠᠮᠢᠨ ᠬᠠᠢ᠌ᠷ᠎ᠠ ᠶᠢᠨ ᠰᠢᠳᠦᠭᠡᠨ
ᠠᠮᠢᠵᠢᠷᠠᠯ ᠤᠨ ᠨᠤᠭᠤᠭᠠᠨ ᠵᠡᠭᠦᠳᠤ ᠡ
ᠴᠠᠰᠤ ᠪᠣᠯ ᠵᠠᠮ
ᠠᠮᠢᠳᠤᠷᠠᠯ ᠤᠨ ᠨᠤᠭᠤᠭᠠᠨ ᠬᠠᠷᠭᠤᠢ
ᠠᠯᠤᠰ ᠢ ᠵᠤᠷᠢᠭᠰᠠᠨ ᠭᠦᠰᠡᠯ
ᠴᠠᠰᠤ ᠪᠣᠯ ᠭᠠᠯ
ᠴᠠᠭ ᠡᠷᠡᠨ ᠤ ᠳᠠᠭᠤᠯᠠᠯ
ᠴᠠᠢ᠌ᠯᠭᠠᠨ ᠰᠠᠨᠠᠭᠠᠨ ᠤ ᠰᠢᠳᠦᠭᠡᠨ
ᠴᠠᠰᠤ ᠪᠣᠯ ᠰᠠᠷᠠᠮᠵᠢ
ᠪᠣᠷᠤᠭᠤ ᠭᠡᠷᠡᠭ᠌ ᠤᠨ ᠬᠤᠩᠬᠤ
ᠪᠦᠳᠦᠷᠦᠭ᠍ᠰᠡᠨ ᠵᠠᠮ ᠤᠨ ᠳᠤᠭᠢᠶ᠎ᠠ
ᠴᠠᠰᠤ ᠪᠣᠯ ᠬᠤᠴᠢᠯᠭ᠎ᠠ
ᠠᠮᠢᠯᠠᠯ ᠤᠨ ᠳᠤᠯᠠᠭᠠᠨ ᠭᠦᠡᠵᠢᠯᠡ
ᠣᠷᠭᠤᠮᠠᠯ ᠤᠨ ᠠᠮᠢᠨ ᠰᠠᠭᠢᠶ᠎ᠠ ᠡ
ᠴᠠᠰᠤ ᠪᠣᠯ ᠡᠷ᠎ᠡ ᠴᠡᠷᠢᠭ᠌
ᠡᠭᠡ ᠤᠷᠤᠨ ᠭᠡᠳᠡᠭ᠌ ᠭᠠᠭᠴᠠᠬᠠᠨ ᠰᠡᠳᠭᠢᠯ
ᠦᠪᠡᠷ ᠢ ᠪᠠᠨ ᠦᠷᠡᠭ᠍ᠳᠡᠭᠦᠯᠳᠡᠭ᠌ ᠬᠠᠳᠠᠭᠤ ᠰᠦᠰᠦ
ᠴᠠᠰᠤ ᠪᠣᠯ ᠪᠣᠷᠬᠠᠨ ᠭᠡᠰᠢᠭ᠌
ᠬᠠᠨ ᠳᠡᠯᠡᠭᠡᠢ ᠶᠢᠨ ᠬᠠᠢ᠌ᠷ᠎ᠠ ᠶᠢᠨ ᠰᠠᠴᠤᠯᠢ
ᠬᠠᠮᠤᠭ ᠠᠮᠢᠳᠠᠨ ᠤ ᠮᠥᠩᠭᠡ ᠭᠦᠰᠡᠯ
ᠴᠠᠰᠤ ᠪᠣᠯ ᠡᠩᠬᠡ ᠶᠢᠨ ᠪᠠᠯᠭᠡᠳᠡᠯ
ᠳᠠᠢ᠌ᠪᠣᠩ ᠳᠡᠯᠡᠭᠡᠢ ᠶᠢᠨ ᠦᠯᠵᠡᠢ ᠳᠠᠮᠪᠠᠷᠢᠯ
ᠳᠡᠭ᠍ᠷᠢ ᠭᠠᠵᠠᠷ ᠤᠨ ᠡᠩᠬᠡ ᠵᠠᠶᠠᠭ᠎ᠠ
ᠴᠠᠰᠤ ᠭᠡᠳᠡᠭ᠌ ᠴᠢᠨᠢ
ᠬᠤᠷᠮᠤᠰᠠᠳᠠᠨ ᠳᠡᠭ᠍ᠷᠢ ᠡᠴᠡ
ᠬᠤᠷᠸ᠎ᠠ ᠳᠤ ᠢᠯᠡᠭᠡᠭ᠍ᠰᠡᠨ
ᠥᠭᠡᠳᠡᠯᠡᠭᠦ ᠠᠮᠢᠳᠤᠷᠠᠯ ᠤᠨ
ᠦᠯᠵᠡᠢ ᠭᠡᠰᠢᠭ᠌ ᠬᠤᠷᠣᠢ᠌ᠯᠠᠭᠰᠠᠨ
ᠡᠪᠦᠭᠡᠳ ᠤᠨ ᠳᠠᠮᠪᠠᠷᠠᠯ ᠲᠡᠶ ᠵᠦᠩᠨᠠᠯ
ᠬᠠᠨᠠᠭᠠᠷ ᠠᠭᠤᠳᠠᠮ ᠳᠠᠯ᠎ᠠ ᠨᠤᠳᠤᠭ ᠳᠤ
ᠬᠠᠯᠠᠭᠤᠨ ᠬᠠᠢ᠌ᠷ᠎ᠠ ᠪᠠᠨ ᠢᠪᠠᠭᠡᠭ᠍ᠰᠡᠨ
ᠬᠠᠪᠣᠷ ᠤᠨ ᠨᠤᠭᠤᠭᠠᠨ ᠳᠠᠭᠤᠯᠠᠯ ᠳᠠᠢ
ᠬᠠᠨ ᠭᠠᠵᠠᠷ ᠤᠨ ᠠᠷᠢᠭᠤᠨ ᠰᠢᠮ᠎ᠠ
ᠬᠠᠢ᠌ᠷ᠎ᠠ ᠪᠠᠷ ᠣᠶᠠᠰᠠᠭᠰᠠᠨ
ᠬᠠᠭᠢᠷ ᠡᠪᠦᠯ ᠤᠨ
ᠭᠦᠰᠡᠯ ᠳᠠᠭᠡᠨ ᠣᠨᠠᠭᠠᠭᠰᠠᠨ
ᠬᠠᠯᠠᠭᠤᠨ ᠨᠢᠯᠪᠣᠰᠤ
ᠬᠤᠩᠭ᠋ᠤᠷ ᠨᠠᠢ᠌ᠵᠢ ᠪᠠᠨ
ᠳᠤᠷᠠᠰᠤᠨ ᠮᠦᠷᠦᠭᠡᠳᠭᠦ ᠳᠤ ᠪᠠᠨ
ᠳᠤᠷᠠᠯᠠᠯ ᠬᠠᠢ᠌ᠷ᠎ᠠ ᠪᠠᠨ
ᠬᠠᠶᠢᠭᠯᠠᠨ ᠪᠢᠴᠢᠭ᠍ᠰᠡᠨ ᠵᠠᠭᠢᠶ᠎ᠠ
ᠰᠥ᠋ ᠰᠢᠭ᠌ ᠠᠷᠢᠭᠤᠨ ᠰᠠᠨᠠᠭ᠎ᠠ ᠪᠠᠨ
ᠵᠣᠢ᠌ᠷᠯᠠᠨ ᠠᠳᠠᠯᠢᠳᠬᠠᠭᠰᠠᠨ
ᠰᠤᠳᠤᠨ ᠪᠠᠢ᠌ᠭᠠᠯᠢ ᠵᠢᠨ
ᠵᠢᠷᠭᠠᠯ ᠳᠡᠯᠯᠡᠭᠰᠡᠨ ᠭᠡᠢ᠌ᠮᠦᠷᠢ ᠡ
ᠵᠤᠬᠢᠶᠠᠭᠴᠢ ᠶᠢᠨ ᠬᠠᠶᠢᠭ ᠄ ᠰᠢᠠᠵᠢᠶᠠᠩ᠂ ᠪᠣᠷᠤᠳᠠᠯ᠎ᠠ
ᠵᠤᠬᠢᠶᠠᠭᠴᠢ᠄ ᠥᠭᠡᠯᠡᠳ·ᠣ·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2669
ᠴᠠᠭ᠄ 2012 ᠤᠨ ᠤ 02 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ