ᠨᠡᠪᠲᠡᠷᠡᠨ ᠤᠷᠤᠬᠤ
ᠰᠠᠯᠭᠢ ᠯᠠ ᠪᠠᠢ᠌ᠮᠠᠷ

ᠰᠠᠯᠭᠢ ᠯᠠ ᠪᠠᠢ᠌ᠮᠠᠷ

ᠰᠠᠷᠳᠢᠭ ᠤᠨ ᠦᠨᠳᠠᠷ ᠪᠠᠶᠠᠨ ᠡᠴᠡ

ᠭᠤᠯᠭᠤᠵᠤ ᠪᠣᠰᠤᠨᠠᠮ

ᠰᠠᠠᠰᠠᠷ ᠤᠨ ᠴᠡᠩᠭᠡᠷ ᠣᠷᠤᠭᠤᠯ ᠳ᠋ᠤ

ᠠᠮᠢᠰᠬᠤᠵᠤ ᠠᠮᠢᠳᠤᠷᠠᠨᠠᠮ

ᠨᠠᠭᠤᠷ ᠤᠨ ᠠᠮᠤᠭᠤᠯᠠᠩ ᠵᠢᠰᠤ ᠶᠢ

ᠠᠳᠠᠷᠠᠭᠠᠵᠤ ᠵᠢᠷᠭᠠᠨ᠎ᠠ

ᠮᠤᠳᠤᠳ ᠤᠨ ᠬᠤᠩᠬᠤᠨ ᠨᠠᠪᠴᠢᠳ ᠢ

ᠰᠠᠵᠢᠯᠠᠵᠤ ᠳᠤᠭᠯᠠᠨ᠎ᠠ

ᠰᠠᠨᠠᠬᠤ ᠳᠠᠭᠠᠨ

ᠳᠤᠰᠤᠯ ᠤᠨ ᠮᠦᠩᠭᠦᠨ ᠭᠢᠷᠠᠭᠤᠳ ᠢ

ᠵᠢᠷᠦᠭᠡ ᠪᠠᠷ ᠶᠢᠡᠨ ᠣᠨᠠᠭᠠᠵᠤ ᠣᠭᠢᠯᠠᠨ᠎ᠠ

ᠰᠠᠯᠬᠤ ᠳᠠᠭᠠᠨ

ᠳᠠᠭᠤᠴᠢᠨ ᠴᠠᠭᠠᠨ ᠡᠷᠭᠢᠨ ᠳᠡᠭᠡᠭᠦᠷ

ᠬᠤᠢ ᠳᠠᠳᠠᠭᠤᠯᠠᠨ ᠬᠤᠯᠠᠳᠠᠨ᠎ᠠ

ᠳᠤᠷᠭᠠᠨ ᠴᠠᠭᠠᠨ ᠪᠠᠶ᠎ᠠ ᠢ ᠨᠢ ᠢᠯᠪᠢᠵᠤ

ᠳᠤᠪᠴᠢ ᠢ ᠨᠢ ᠠᠯᠳᠠᠷᠠᠭᠠᠵᠤ ᠵᠢᠷᠭᠠᠮᠠᠷ

ᠳᠤᠭᠳᠠᠵᠤ ᠶᠠᠳᠠᠨ ᠪᠦᠳᠦᠷᠢᠵᠤ

ᠳᠤᠭᠤᠰᠤ ᠳᠠᠳᠠᠨ ᠪᠦᠵᠢᠭ᠍ᠯᠡᠮᠡᠷ

ᠪᠢ ᠰᠠᠯᠭᠢ ᠯᠠ ᠪᠠᠢ᠌ᠮᠠᠷ

ᠴᠠᠰᠤᠨ ᠴᠠᠭᠠᠨ ᠴᠡᠴᠡᠭ᠌ ᠤᠳ ᠢ ᠨᠢ

ᠪᠠᠶ᠎ᠠ ᠳᠦᠭᠦᠷᠡᠩ ᠬᠤᠮᠢᠷᠠᠭᠤᠯᠵᠤ

ᠮᠦᠩᠭᠦᠨ ᠴᠠᠭᠠᠨ ᠪᠠᠶ᠎ᠠ ᠪᠡᠷ ᠵᠢᠠᠨ  

ᠵᠢᠪᠠᠷ ᠳᠠᠳᠠᠨ ᠳᠠᠭᠤᠯᠠᠳᠠᠭ

ᠥᠡᠳᠦᠷᠯᠢᠭ᠌ ᠤᠨ ᠭᠦᠢ᠌ᠳᠡᠨ ᠠᠮᠢᠰᠬᠤᠭ᠎ᠠ

ᠦᠪᠡᠷ ᠶᠢᠡᠨ ᠪᠢ ᠳᠠᠷᠠ ᠰᠠᠯᠭᠢ ᠯᠠ ᠪᠠᠢ᠌ᠮᠠᠷ

ᠰᠡᠭᠦᠳᠡᠷ ᠦᠭᠡᠶ ᠬᠦᠩᠭᠡᠨ ᠪᠠᠶ᠎ᠠ ᠪᠠᠷ ᠶᠢᠡᠨ

ᠳᠠᠩᠭᠢᠰ ᠨᠢᠷᠭᠢᠵᠤ ᠪᠣᠰᠬᠤ ᠳᠠᠭᠠᠨ

ᠰᠦᠷᠳᠤ ᠬᠠᠷ᠎ᠠ ᠣᠮᠤᠭ ᠶᠢᠡᠨ

ᠪᠠᠷᠴᠢᠳ ᠤᠨ ᠳᠠᠢ᠌ᠳᠠᠢ ᠵᠠᠷᠯᠠᠳᠠᠭ ᠴᠤ

ᠰᠡᠳᠭᠢᠯ ᠤᠨ ᠡᠮᠵᠡᠭ᠌ ᠮᠡᠳᠡᠷᠡᠭᠦᠢ ᠶᠢ

ᠴᠡᠴᠡᠭ᠌ ᠤᠨ ᠳᠤᠭᠤᠰᠤ ᠪᠠᠷ ᠠᠷᠭᠠᠳᠠᠵᠤ

ᠰᠠᠭᠠᠯᠢ ᠶᠢᠨ ᠨᠢᠩᠵᠢᠨ ᠦᠨᠦᠷ ᠢ

ᠳᠠᠯ᠎ᠠ ᠱᠠᠩᠳᠠᠭᠤᠯᠵᠤ ᠳᠠᠮᠵᠢᠳᠠᠭ

ᠬᠠᠳᠠᠨ ᠪᠣᠭᠤᠷᠤᠯ ᠳᠡᠯᠡᠭᠡᠢ ᠶᠢᠨ

ᠬᠠᠨ ᠰᠠᠭᠠᠷᠠᠯ ᠰᠠᠯᠭᠢ ᠯᠠ ᠪᠠᠢ᠌ᠮᠠᠷ

ᠳᠡᠰᠭᠡᠯ ᠦᠭᠡᠶ ᠳᠠᠷᠪᠠᠵᠤ ᠰᠠᠨᠠᠭᠰᠠᠨ

ᠠᠮᠠᠷᠠᠭ ᠤᠨ ᠵᠥᠭᠡᠯᠡᠨ ᠠᠯᠴᠢᠭᠤᠷ ᠨᠢ ᠪᠠᠢ᠌ᠮᠠᠷ

ᠳᠠᠪᠴᠢᠶᠠᠷᠢ ᠠᠯᠳᠠᠷᠠᠨ ᠭᠦᠷᠦᠭ᠍ᠰᠡᠨ

ᠳᠠᠪᠠᠷᠢᠵᠤ ᠮᠡᠯᠮᠡᠷᠡᠭᠦ ᠦᠨᠦᠰᠤᠯ ᠪᠠᠢ᠌ᠮᠠᠷ

ᠪᠢ ᠰᠠᠯᠭᠢ ᠯᠠ ᠪᠠᠢ᠌ᠮᠠᠷ

ᠳᠡᠨᠢᠭᠦᠨ ᠳᠠᠯ᠎ᠠ ᠶᠢᠨ ᠴᠡᠭᠡᠵᠢᠨ ᠳ᠋ᠤ

ᠭᠦᠨ ᠠᠮᠢᠰᠬᠠᠵᠤ ᠭᠦᠶ‍ᠦᠮᠡᠷ

ᠳᠡᠭ᠍ᠷᠢ ᠭᠠᠵᠠᠷ ᠤᠨ ᠪᠠᠭᠠᠨ᠎ᠠ

ᠳᠠᠢ᠌ᠹᠧᠩ ᠭᠦᠴᠦᠳᠤ ᠰᠠᠯᠭᠢ ᠴᠤ ᠪᠠᠢ᠌ᠮᠠᠷ

ᠭᠠᠩᠳᠠᠵᠤ ᠬᠠᠷᠠᠭᠰᠠᠨ ᠪᠦᠰᠡᠭᠦᠢ ᠶᠢᠨ

ᠭᠠᠩᠬᠤᠵᠤ ᠭᠡᠢ᠌ᠰᠤᠭ᠍ᠰᠡᠨ ᠳᠠᠪᠠᠯ ᠨᠢ ᠪᠠᠢ᠌ᠮᠠᠷ

ᠭᠠᠵᠠᠷ ᠤᠨ ᠭᠦᠷᠦᠰᠤᠨ ᠡᠴᠡ ᠪᠣᠰᠤᠭᠰᠠᠨ

ᠭᠠᠩᠭᠠᠩ ᠯᠤᠤ ᠬᠤᠢ ᠴᠤ ᠪᠠᠢ᠌ᠮᠠᠷ

ᠣᠯᠠᠷᠢᠯ ᠤᠨ ᠬᠠᠭᠤᠳᠠᠰᠤ ᠶᠢ

ᠣᠩᠰᠢᠭᠠᠤᠨ ᠯᠠ ᠪᠠᠢ᠌ᠮᠠᠷ

ᠣᠶᠠᠨ ᠪᠠᠶ᠎ᠠ ᠪᠠᠷ ᠵᠢᠠᠨ

ᠭᠦᠷᠪᠠᠭᠦᠯᠦᠭᠡᠳ ᠯᠠ ᠪᠠᠢ᠌ᠮᠠᠷ

ᠵᠠᠩᠭᠠᠷᠠᠵᠤ ᠣᠳᠠᠰᠤᠨ ᠳᠤ ᠵᠢᠭᠢᠵᠤ

ᠭᠤᠨᠢᠭᠯᠠᠭᠠᠤᠨ ᠴᠤ ᠪᠠᠢ᠌ᠮᠠᠷ

ᠵᠠᠩᠳᠤᠷᠴᠤ ᠡᠯᠡᠰᠤ ᠪᠠᠷ ᠰᠢᠭᠤᠷᠠᠭᠠᠤᠨ

ᠰᠦᠷᠳᠡᠭᠦᠯᠦᠭᠡᠳ ᠴᠤ ᠪᠠᠢ᠌ᠮᠠᠷ

ᠰᠠᠷᠠᠨ ᠤ ᠭᠡᠷᠡᠯ ᠳᠤ ᠰᠡᠪᠠᠯᠵᠡᠭᠡᠳ

ᠣᠭᠢᠯᠠᠭᠠᠤᠨ ᠴᠤ ᠪᠠᠢ᠌ᠮᠠᠷ

ᠰᠠᠨᠠᠭᠠᠨ ᠤ ᠥᠵᠦᠭᠦᠷ ᠳᠤ ᠳᠠᠭᠤᠯᠠᠭᠠᠤᠨ

ᠣᠶᠠᠷᠠᠭᠠᠤᠨ ᠴᠤ ᠪᠠᠢ᠌ᠮᠠᠷ

ᠪᠢ ᠰᠠᠯᠭᠢ ᠯᠠ ᠪᠠᠢ᠌ᠮᠠᠷ

ᠡᠷᠭᠡ ᠴᠢᠯᠦᠭᠡᠨ ᠤ ᠳᠠᠷᠠ

ᠡᠷ᠎ᠡ ᠬᠤᠩᠭᠤᠷ ᠰᠠᠯᠭᠢ ᠯᠠ ᠪᠠᠢ᠌ᠮᠠᠷ︕


ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2626
ᠴᠠᠭ᠄ 2011 ᠤᠨ ᠤ 03 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ