☆ ᠪᠠᠶᠠᠠᠴᠠᠭᠠᠨ
ᠤᠯᠠᠷᠢᠯ ᠪᠦᠷᠢ ᠶᠢᠨ ᠡᠭᠢᠨᠡ
ᠣᠯᠠᠷᠢᠯ ᠪᠦᠷᠢ ᠶᠢᠨ ᠡᠭᠢᠨᠡ᠂
ᠣᠷᠮ᠎ᠠ ᠭᠦᠭ᠍ᠵᠢᠭᠡᠭ᠍ᠰᠡᠨ ᠰᠢᠯᠦᠭ᠌ ᠪᠢᠴᠢᠶ᠎ᠠ᠂
ᠣᠨᠠᠭᠠᠨ ᠳᠠᠭᠤ ᠣᠶᠠᠬᠠᠨ ᠡᠭᠡᠰᠢᠭ᠌ ᠲᠡᠶ
ᠣᠬᠠᠭᠠᠨ ᠰᠠᠷᠠᠯ ᠤᠨ ᠳᠤᠯᠭᠢᠰᠤᠯ ᠶᠢᠡᠨ ᠪᠢᠴᠢᠶ᠎ᠠ᠂
ᠠᠭᠢ ᠨᠢᠳᠤᠯᠠᠵᠤ ᠬᠠᠭᠳᠠ ᠰᠡᠷᠪᠠᠯᠵᠡᠭᠦᠯᠡᠷ
ᠠᠮᠢᠵᠢᠷᠠᠯ ᠳᠠᠭᠤᠳᠠᠭᠰᠠᠨ ᠢᠳᠡᠭᠡᠯ ᠶᠢᠡᠨ ᠪᠢᠴᠢᠶ᠎ᠠ᠃
ᠬᠠᠳᠠᠭ ᠤᠨ ᠴᠡᠩᠭᠡᠷ ᠵᠡᠷᠭᠡᠯᠭᠡᠨ ᠠᠯᠢᠶᠠᠯᠠᠬᠤᠯᠠᠷ
ᠬᠠᠯᠭᠢᠯᠠᠮᠠ ᠴᠠᠯᠭᠢᠯᠠᠮ᠎ᠠ ᠣᠶᠠᠩᠭ᠋᠎ᠠ ᠪᠠᠨ ᠪᠢᠴᠢᠶ᠎ᠠ
ᠴᠡᠴᠡᠭ᠌ ᠤᠨ ᠵᠤᠨ᠂ ᠴᠠᠭ ᠤᠨ ᠰᠠᠢ᠌ᠬᠠᠨ ᠳᠤ
ᠴᠡᠩᠭᠡᠯ ᠴᠠᠴᠠᠨ ᠣᠷ᠎ᠠ ᠪᠠᠨ ᠪᠢᠴᠢᠶ᠎ᠠ᠃
ᠴᠡᠩᠭᠡᠷ ᠣᠰᠤᠨ ᠤ ᠳᠤᠷᠭᠠᠨ ᠠᠷ ᠰᠢᠭ᠌
ᠴᠠᠪᠠᠷ ᠠᠷᠢᠭᠤᠨ ᠳᠤᠷᠠᠯᠠᠯ ᠶᠢᠡᠨ ᠪᠢᠴᠢᠶ᠎ᠠ᠃
ᠣᠭᠤᠷᠠᠭ ᠰᠢᠷᠭᠠᠯ ᠨᠠᠮᠤᠷ ᠶᠢᠡᠨ ᠢᠷᠡᠭᠦᠯᠡᠷ
ᠣᠶᠠᠷᠠᠮᠠ ᠬᠠᠢ᠌ᠯᠤᠮᠠ ᠮᠦᠷᠦᠭᠡᠳᠦᠯ ᠶᠢᠡᠨ ᠪᠢᠴᠢᠶ᠎ᠠ᠃
ᠨᠠᠷᠠᠰᠤᠨ ᠳᠦᠭᠡᠯ ᠳᠤ ᠪᠣᠭᠤ ᠣᠷᠤᠮᠳᠠᠬᠤᠯᠠᠷ
ᠨᠠᠷᠠᠨ ᠳᠠᠯ᠎ᠠ ᠶᠢᠨ ᠶᠢᠡᠨ ᠰᠠᠯᠭᠢ ᠪᠢᠴᠢᠶ᠎ᠠ᠃
ᠡᠭᠢᠨ ᠨᠠᠮᠤᠷ ᠤᠨ ᠡᠳᠦᠷ
ᠳᠤᠭᠠᠯᠠᠨ ᠡᠵᠢ ᠶᠢᠨ ᠶᠢᠡᠨ ᠳᠤᠬᠠᠢ ᠳᠠᠭᠤᠤ ᠪᠢᠴᠢᠶ᠎ᠠ᠃
ᠠᠯᠳᠠᠨ ᠨᠠᠮᠤᠷ ᠤᠨ ᠬᠤᠩᠬᠤᠨ ᠳᠤᠤᠨᠢᠯ ᠴᠢᠩᠨᠠᠨ
ᠠᠠᠳᠠ ᠰᠤᠷᠤᠯᠭᠠᠳᠠᠨ ᠶᠢᠡᠨ ᠰᠠᠨᠠᠨ ᠨᠠᠢ᠌ᠷᠠᠭ ᠪᠢᠴᠢᠶ᠎ᠠ᠃
ᠪᠣᠭᠤᠷᠤᠯ ᠡᠪᠦᠯ ᠤᠨ ᠠᠩᠬᠠᠨ ᠤ ᠡᠳᠦᠷ ᠳᠤ
ᠪᠣᠳᠤᠯ ᠰᠡᠳᠭᠢᠯ ᠤᠨ ᠭᠦᠡᠳᠦᠴᠡ ᠪᠠᠨ ᠪᠢᠴᠢᠶ᠎ᠠ᠃
ᠪᠣᠳᠠᠷᠭᠠᠨ ᠲᠡᠶ ᠰᠢᠭᠤᠷᠭᠠᠨ ᠲᠡᠶ ᠬᠠᠳᠠᠭᠤ ᠶᠢ ᠴᠠᠷᠠᠵᠤ
ᠪᠣᠶᠠᠠᠳᠠᠢ ᠨᠠᠰᠤᠳᠠᠨ ᠳᠠᠭᠠᠨ ᠭᠦᠡᠳᠦᠳᠭᠡᠯ ᠪᠢᠴᠢᠶ᠎ᠠ᠃
ᠣᠯᠠᠷᠢᠯ ᠪᠦᠷᠢ ᠶᠢᠨ ᠡᠭᠢᠨᠡ
ᠣᠷᠠᠢ ᠳᠠᠭᠤᠨ ᠤ ᠭᠦᠰᠡᠯ ᠶᠢᠡᠨ ᠪᠢᠴᠢᠶ᠎ᠠ᠃
ᠣᠶᠠᠩᠭ᠋᠎ᠠ ᠨᠠᠢ᠌ᠷᠠᠭ ᠤᠨ ᠶᠢᠡᠨ ᠪᠠᠭᠳᠠᠭᠠᠮᠵᠢ ᠳᠠᠯᠢᠨ
ᠣᠭᠳᠤᠬᠤ ᠮᠠᠷᠭᠠᠰᠢ ᠶᠢᠨ ᠶᠢᠡᠨ ᠵᠦᠩᠨᠠᠯ ᠶᠢᠡᠨ ᠪᠢᠴᠢᠶ᠎ᠠ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤ
ᠵᠤᠬᠢᠶᠠᠭᠴᠢ᠄ ᠪᠠᠶᠠᠠᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2638
ᠴᠠᠭ᠄ 2010 ᠤᠨ ᠤ 05 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ