☆ ᠴᠡᠪᠰᠢᠭ᠌
《ᠶᠠᠩᠵᠢᠭ ᠤᠨ ᠰᠤᠷᠭᠠᠭᠤᠯᠢ》
᠊᠊᠊᠊᠊᠊᠊᠊᠊᠊᠊᠊᠊᠊᠊ ᠶᠠᠩ ᠵᠢᠢ ᠭᠤᠤ ᠨᠥᠭᠦᠷ ᠤᠨ ᠳᠤᠬᠠᠢ ᠰᠠᠭᠤᠭᠳᠠᠯ
ᠳᠦᠴᠢᠭᠡᠤᠨ ᠨᠠᠰᠤᠨ ᠤ ᠨᠠᠮᠬᠠᠨ ᠪᠣᠷᠤ ᠡᠪᠦᠭᠡᠨ᠂ ᠥᠭᠡ ᠴᠥᠭᠡᠨ᠂ ᠪᠣᠳᠤᠯ ᠭᠦᠨ᠂ ᠣᠢ᠌ᠯᠠ ᠠᠵᠢᠯ ᠳᠠᠭᠠᠨ ᠵᠠᠭᠤᠳᠠᠯ ᠬᠠᠳᠠᠭᠤ ᠶᠢᠨ ᠰᠢᠠᠵᠢ ᠲᠡᠶ᠂ ᠵᠠᠪᠠᠵᠢ ᠪᠠᠷ ᠶᠢᠡᠨ ᠦᠯᠦ ᠮᠡᠳᠡᠭ᠌ ᠢᠨᠢᠶᠡᠮᠰᠦᠭᠯᠡᠴᠢᠭᠡᠤᠨ ᠯᠠ᠂ ᠭᠡᠭᠡᠪᠴᠢ ᠶᠢᠨ ᠡᠮᠦᠨᠡᠭᠢ ᠰᠢᠷᠡᠭᠡᠨ ᠳᠡᠭᠡᠷ᠎ᠡ ᠪᠣᠭᠴᠤ ᠪᠠᠨ ᠳᠠᠯᠪᠢᠭᠠᠤᠨ᠂ ᠬᠠᠵᠠᠭᠤ ᠳ᠋ᠠᠭᠢ ᠰᠠᠭᠤᠳᠠᠯ ᠳᠡᠭᠡᠷ᠎ᠡ ᠨᠢ ᠨᠠᠭᠠᠰᠢ ᠬᠠᠷᠠᠨ ᠰᠠᠭᠤᠵᠤ ᠪᠠᠢ᠌ᠨ᠎ᠠ᠃ ᠡᠨᠡ ᠪᠣᠯ ᠭᠦᠭᠡᠨᠡᠭᠦᠷ ᠮᠤᠵᠢ ᠶᠢᠨ ᠣᠯᠠᠭᠠᠨ ᠰᠢᠶᠠᠨ ᠤ ᠴᠠᠺᠠ ᠪᠠᠯᠭᠠᠰᠤᠨ ᠤ ᠮᠤᠩᠭ᠋ᠤᠯ ᠪᠠᠭ᠎ᠠ ᠰᠤᠷᠭᠠᠭᠤᠯᠢ ᠶᠢᠨ ᠪᠠᠭᠰᠢ ᠶᠠᠩ ᠵᠢᠢ ᠭᠤᠤ ᠨᠥᠭᠦᠷ᠃ ᠮᠢᠨᠤ ᠨᠤᠳᠤᠭ ᠤᠨ ᠮᠤᠩᠭ᠋ᠤᠯ ᠪᠠᠭ᠎ᠠ ᠰᠤᠷᠭᠠᠭᠤᠯᠢ ᠳᠤ ᠪᠠᠭᠰᠢᠯᠠᠭᠠᠤᠨ ᠣᠳᠠᠵᠠᠢ᠂ ᠶᠡᠭᠡ ᠣᠷᠣᠢ᠌ᠳᠠᠵᠤ ᠳᠠᠨᠢᠯᠴᠠᠭᠰᠠᠨ᠃ ᠡᠮᠦᠨ᠎ᠡ ᠬᠤᠶᠠᠷ ᠵᠢᠯ ᠪᠣᠯᠳᠠᠯ᠎ᠠ《ᠶᠠᠩᠵᠢᠭ》 ᠭᠡᠰᠡᠨ ᠨᠠᠷᠠ ᠲᠡᠶ ᠭᠦᠮᠤᠨ ᠪᠠᠢ᠌ᠬ᠎ᠠ ᠭᠡᠵᠤ ᠡ᠊ᠨᠳᠡᠭᠦᠷᠡᠭ᠍ᠰᠡᠭᠡᠷ ᠢᠷᠠᠯ᠎ᠠ᠂ ᠵᠠᠷᠢᠮ ᠮᠠᠯᠴᠢᠳ ᠣᠳᠤ ᠪᠣᠯᠳᠠᠯ᠎ᠠ ᠴᠠᠺᠠ ᠪᠠᠯᠭᠠᠰᠤᠨ ᠤ ᠮᠤᠩᠭ᠋ᠤᠯ ᠪᠠᠭ᠎ᠠ ᠰᠤᠷᠭᠠᠭᠤᠯᠢ ᠶᠢ《ᠶᠠᠩᠵᠢᠭ ᠤᠨ ᠰᠤᠷᠭᠠᠭᠤᠯᠢ》 ᠭᠡᠤᠨ ᠪᠠᠢ᠌ᠳᠠᠭ ᠡᠴᠡ ᠥᠵᠡᠭᠦ ᠳᠤ ᠨᠠᠷᠠ ᠶᠢ ᠨᠢ ᠡ᠊ᠨᠳᠡᠭᠦᠷᠡᠳᠡᠭ᠌ ᠭᠦᠮᠤᠨ ᠮᠦᠨ ᠪᠠᠢ᠌ᠭ᠎ᠠ ᠶᠤᠮ ᠪᠠᠢ᠌ᠨ᠎ᠠ᠃
ᠶᠠᠩ ᠵᠢᠢ ᠭᠤᠤ ᠨᠥᠭᠦᠷ᠂ ᠭᠦᠭᠡᠨᠡᠭᠦᠷ ᠮᠤᠵᠢ ᠶᠢᠨ ᠳᠡᠯᠡᠭᠡᠢ ᠬᠤᠳᠠ ᠶᠢᠨ ᠬᠣᠢ᠌ᠳᠤ ᠳᠠᠷᠢᠶ᠎ᠠ ᠪᠠᠯᠭᠠᠰᠤᠨ ᠤ ᠭᠦᠮᠤᠨ᠂ ᠶᠡᠭᠡ ᠰᠤᠷᠭᠠᠭᠤᠯᠢ ᠶᠢᠨ ᠬᠤᠪᠢ ᠪᠠᠷ ᠰᠤᠷᠬᠤ ᠮᠤᠩᠭ᠋ᠤᠯ ᠭᠡᠯᠡ ᠰᠤᠶᠤᠯ ᠤᠨ ᠮᠡᠷᠭᠡᠵᠢᠯ ᠢ ᠳᠡᠭᠦᠰᠴᠡᠢ᠃ 1984 ᠣᠨ ᠳᠤ ᠬᠠᠢ᠌ᠰᠢ ᠵᠸᠤ ᠶᠢᠨ ᠦᠨᠳᠦᠰᠦᠳᠠᠨ ᠤ ᠪᠠᠭᠰᠢ ᠶᠢᠨ ᠰᠤᠷᠭᠠᠭᠤᠯᠢ ᠡᠴᠡ ᠳᠡᠭᠦᠰᠴᠤ ᠪᠠᠶᠠᠨ ᠰᠤᠮᠤᠨ ᠤ (ᠣᠳᠤ ᠶᠢᠨ ᠴᠠᠺᠠ ᠪᠠᠯᠭᠠᠰᠤ) ᠮᠤᠩᠭ᠋ᠤᠯ ᠪᠠᠭ᠎ᠠ ᠰᠤᠷᠭᠠᠭᠤᠯᠢ ᠳᠤ ᠢᠷᠠᠵᠤ ᠪᠠᠭᠰᠢᠯᠠᠪᠠ᠃ ᠳᠡᠭᠡᠳᠡᠯ᠎ᠡ 1980 ᠊ᠭᠠᠤᠨ ᠣᠨ ᠤ ᠰᠡᠭᠦᠯᠴᠢ ᠪᠠᠷ ᠡᠯ᠎ᠡ ᠰᠤᠮᠤ᠂ ᠳᠤᠬᠤᠢ ᠶᠢᠨ ᠮᠤᠩᠭ᠋ᠤᠯ ᠪᠠᠭ᠎ᠠ ᠰᠤᠷᠭᠠᠭᠤᠯᠢ ᠶᠢ ᠰᠢᠶᠠᠨ ᠤ ᠲᠦᠪ ᠲᠤ ᠨᠡᠢ᠌ᠯᠡᠭᠦᠯᠭᠦ ᠬᠠᠯᠠᠮᠰᠢᠯ ᠣᠯᠠᠭᠠᠨ ᠰᠢᠶᠠᠨ ᠡᠴᠡ ᠡᠭᠢᠯᠡᠨ ᠳᠡᠭ᠍ᠳᠡᠵᠤ᠂ 1989᠂ 9 ᠰᠠᠷ᠎ᠠ ᠳᠤ ᠰᠤᠮᠤᠨ ᠤ ᠮᠤᠩᠭ᠋ᠤᠯ ᠪᠠᠭ᠎ᠠ ᠰᠤᠷᠭᠠᠭᠤᠯᠢ ᠶᠢ ᠨᠡᠭᠦᠯᠭᠡᠵᠤ ᠶᠠᠪᠣᠵᠠᠢ᠃ ᠡᠭᠦᠨ ᠳᠤ ᠳᠤᠰ ᠰᠤᠮᠤᠨ ᠤ ᠰᠢᠷ᠎ᠠ ᠡᠷᠭᠢ (小水桥)ᠲ᠋ᠤᠬᠤᠢ ᠶᠢᠨ ᠮᠤᠩᠭ᠋ᠤᠯ ᠪᠠᠭ᠎ᠠ ᠰᠤᠷᠭᠠᠭᠤᠯᠢ ᠴᠤ ᠪᠠᠭᠳᠠᠨ᠎ᠠ᠃ ᠶᠠᠩ ᠵᠢᠢ ᠭᠤᠤ ᠰᠤᠷᠭᠠᠭᠤᠯᠢ ᠪᠠᠨ ᠳᠠᠭᠠᠭᠠᠤᠨ ᠰᠢᠶᠠᠨ ᠤ ᠬᠤᠯᠪᠣᠭᠠᠳᠤ ᠪᠠᠭ᠎ᠠ ᠰᠤᠷᠭᠠᠭᠤᠯᠢ ᠳᠤ ᠰᠢᠯᠵᠢᠵᠤ ᠪᠠᠭᠰᠢᠯᠠᠪᠠ᠃ ᠣᠳᠠᠭᠰᠠᠨ ᠴᠤ ᠦᠭᠡᠶ ᠡᠨᠡ ᠠᠵᠢᠯ ᠳᠤ ᠡᠳᠦᠢ ᠳᠠᠳᠤᠢ ᠠᠰᠠᠭᠤᠳᠠᠯ ᠣᠷᠤᠰᠢᠵᠤ ᠪᠠᠢ᠌ᠬᠤ ᠶᠢ ᠶᠠᠩ ᠵᠢᠢ ᠭᠤᠤ ᠨᠥᠭᠦᠷ ᠮᠤᠩᠭ᠋ᠤᠯᠴᠤᠳ ᠤᠨ ᠠᠳᠠᠯᠢ ᠪᠣᠰᠤ ᠰᠠᠨᠠᠯ ᠳᠡᠭᠡᠷ᠎ᠡ ᠡᠴᠡ ᠦᠵᠡᠵᠤ ᠭᠠᠷᠤᠯ᠎ᠠ᠃ ᠶᠠᠭᠤᠨ ᠣᠷᠢᠳᠠ᠂ ᠰᠤᠮᠤ ᠳᠤᠬᠤᠢ ᠶᠢᠨ ᠪᠠᠭ᠎ᠠ ᠰᠤᠷᠭᠠᠭᠤᠯᠢ ᠶᠢ ᠰᠢᠶᠠᠨ ᠤ ᠲᠦᠪ ᠲᠤ ᠳᠦᠪᠯᠡᠷᠡᠭᠦᠯᠦᠭ᠍ᠰᠡᠨ ᠡᠴᠡ ᠥᠷᠭᠡᠨ ᠣᠯᠠᠨ ᠮᠠᠯᠴᠢᠳ (ᠭᠡᠷ ᠤᠨ ᠠᠬᠠᠮᠠᠤᠨ) ᠲᠤ ᠠᠵᠢᠯ ᠶᠠᠪᠣᠳᠠᠯ᠂ ᠠᠵᠤ ᠠᠬᠤᠢ ᠶᠢᠨ ᠠᠷᠪᠢᠨ ᠳᠠᠷᠤᠭᠠᠰᠤ ᠶᠢ ᠠᠪᠴᠢᠷᠠᠭᠰᠠᠨ᠃ ᠨᠥᠭᠦᠭᠡ ᠳᠠᠯ᠎ᠠ ᠪᠠᠷ᠂ ᠣᠯᠠᠨ ᠰᠤᠷᠭᠠᠭᠤᠯᠢ ᠶᠢ ᠭᠡᠨᠡᠳᠲᠡ ᠨᠡᠢ᠌ᠯᠡᠭᠦᠯᠦᠭ᠍ᠰᠡᠨ ᠡᠴᠡ ᠨᠠᠢ᠌ᠳᠠ ᠶᠢᠨ ᠪᠠᠢ᠌ᠷᠢ ᠶᠢᠨ ᠠᠮᠢᠳᠤᠷᠠᠯ ᠤᠨ ᠨᠥᠭᠦᠴᠡᠯ ᠮᠠᠭᠤᠳᠠᠵᠤ᠂ ᠬᠠᠮᠢᠶᠠᠷᠤᠯᠳᠠ ᠶᠢᠨ ᠠᠵᠢᠯ ᠳᠠᠭᠠᠵᠤ ᠭᠦᠢᠴᠡᠭᠦ ᠦᠭᠡᠶ ᠪᠣᠯᠵᠤ ᠭᠡᠷ ᠤᠨ ᠠᠬᠠᠮᠠᠤᠨ ᠭᠡᠦᠭᠡᠤᠨ ᠶᠢᠡᠨ ᠰᠤᠷᠭᠠᠭᠤᠯᠢ ᠳᠤ ᠳᠠᠯᠪᠢᠬᠤ ᠣᠷᠮ᠎ᠠ ᠶᠢ ᠨᠥᠯᠦᠭᠡᠯᠡᠭ᠍ᠰᠡᠨ ᠪᠠᠢ᠌ᠨ᠎ᠠ᠃ ᠡᠭᠦᠨ ᠢ ᠣᠯᠠᠮ ᠨᠢᠭᠡ ᠠᠯᠬᠤᠮ ᠭᠡᠷᠡᠴᠢᠯᠡᠶ᠎ᠡ ᠭᠡᠰᠡᠨ ᠶᠤᠮ ᠰᠢᠭ ᠣᠯᠠᠭᠠᠨ ᠰᠢᠶᠠᠨ ᠤ ᠵᠠᠷᠢᠮ ᠰᠤᠷᠭᠠᠭᠤᠯᠢ ᠨᠠᠢ᠌ᠳᠠ ᠶᠢᠨ ᠪᠠᠢ᠌ᠷᠢ ᠶᠢᠨ ᠣᠳᠤᠮᠰᠢᠯ ᠢ ᠦᠭᠡᠶ ᠪᠣᠯᠭᠠᠵᠤ ᠳᠡᠷᠢᠭᠦᠤ ᠳᠡᠮᠳᠡᠭᠯᠡᠯ ᠤᠨ ᠡᠭᠦᠦᠡᠴᠡᠢ᠃ ᠳᠡᠭᠡᠭᠡᠤᠨ ᠣᠳᠤ ᠯᠠ ᠰᠠᠶᠢ ᠠᠵᠤ ᠠᠬᠤᠢ ᠶᠢᠨ ᠠᠰᠢᠭ ᠢ ᠨᠢ ᠰᠠᠷᠠᠵᠤ ᠮᠡᠳᠡᠭᠡᠤᠨ ᠨᠠᠢ᠌ᠳᠠ ᠶᠢᠨ ᠪᠠᠢ᠌ᠷᠢ ᠭᠡᠭ᠍ᠴᠢ ᠶᠠᠭᠤᠮ᠎ᠠ ᠶᠢ ᠰᠡᠷᠭᠦᠭᠡᠭᠦ ᠪᠣᠳᠤᠯ ᠲᠡᠶ ᠪᠠᠢ᠌ᠳᠠᠭ ᠭᠡᠨ᠎ᠡ᠃ ᠮᠠᠯᠴᠢᠳ ᠪᠠ ᠵᠠᠷᠢᠮ ᠺᠠᠳ᠋ᠷ ᠭᠦᠷᠳᠡᠯ᠎ᠡ ᠪᠠᠭ᠎ᠠ ᠪᠠᠯᠴᠢᠷ ᠭᠡᠦᠭᠡᠤᠨ ᠶᠢᠡᠨ ᠬᠤᠯᠠ ᠶᠠᠪᠣᠭᠤᠯᠵᠤ ᠴᠢᠳᠠᠬᠤ ᠦᠭᠡᠶ᠂ ᠣᠢ᠌ᠷ᠎ᠠ ᠬᠠᠪᠢ ᠶᠢᠨ ᠰᠤᠷᠭᠠᠭᠤᠯᠢ ᠳᠤ ᠳᠠᠯᠪᠢᠳᠠᠭ ᠪᠣᠯᠤᠭᠰᠠᠨ ᠡᠴᠡ《ᠬᠤᠯᠪᠣᠭᠠᠳᠤ ᠰᠤᠷᠭᠠᠭᠤᠯᠢ》 ᠶᠢᠨ ᠰᠤᠷᠤᠭᠴᠢ ᠶᠢᠨ ᠳᠤᠭ᠎ᠠ ᠨᠢᠭᠡ ᠶᠡᠭᠡ ᠨᠡᠮᠡᠭ᠍ᠳᠡᠭ᠍ᠰᠡᠨ ᠦᠭᠡᠶ᠃ ᠬᠠᠷᠢᠨ ᠡᠯ᠎ᠡ ᠰᠤᠮᠤ ᠳᠤᠬᠤᠢ ᠳ᠋ᠠᠭᠢ ᠪᠠᠭᠰᠢ ᠶᠢᠨ ᠣᠷᠤᠨ ᠳᠤᠭ᠎ᠠ ᠣᠰᠠᠳᠤᠭᠰᠠᠨ ᠪᠣᠶᠤ ᠴᠥᠭᠡᠷᠡᠭ᠍ᠰᠡᠨ ᠡᠴᠡ ᠨᠢᠭᠡ ᠪᠦᠯᠦᠭ᠌ ᠮᠤᠩᠭ᠋ᠤᠯ ᠪᠠᠭᠰᠢ ᠶᠢ ᠠᠵᠢᠯ ᠤᠨ ᠪᠠᠢ᠌ᠷᠢᠨ ᠡᠴᠡ ᠨᠢ ᠰᠠᠯᠭᠠᠬᠤ ᠪᠣᠯᠤᠭᠰᠠᠨ ᠪᠠᠢ᠌ᠨ᠎ᠠ᠃ ᠡᠨᠡ ᠨᠢ ᠦᠨᠳᠦᠰᠦᠳᠠᠨ ᠤ ᠭᠡᠯᠡ ᠰᠤᠶᠤᠯ ᠢ ᠭᠦᠭ᠍ᠵᠢᠭᠦᠯᠭᠦ ᠳᠤᠬᠠᠢ ᠨᠠᠮ ᠤᠨ ᠪᠣᠳᠤᠯᠭ᠎ᠠ ᠴᠢᠭᠯᠡᠯ ᠢ ᠵᠦᠷᠢᠴᠡᠭ᠍ᠰᠡᠨ ᠶᠢᠡᠷ ᠪᠠᠷᠠᠬᠤ ᠦᠭᠡᠶ᠂ ᠵᠠᠷᠢᠮ ᠣᠤᠠᠬ᠎ᠠ ᠳᠡᠭᠡᠷ᠎ᠡ ᠡᠴᠡ ᠠᠪᠴᠤ ᠭᠡᠯᠡᠪᠠᠯ ᠦᠨᠳᠦᠰᠦᠳᠠᠨ ᠤ ᠡᠷᠭᠡ ᠳᠡᠭ᠍ᠰᠢ ᠶᠢ ᠪᠠᠳᠤᠯᠠᠬᠤ ᠳᠤᠬᠠᠢ ᠦᠨᠳᠦᠰᠦᠨ ᠬᠠᠤᠯᠢ ᠶᠢᠨ ᠵᠤᠷᠢᠭ ᠰᠠᠨᠠᠭ᠎ᠠ ᠡᠴᠡ ᠴᠤ ᠵᠦᠷᠢᠴᠡᠭ᠍ᠰᠡᠨ ᠪᠠᠢ᠌ᠨ᠎ᠠ᠃ ᠳᠠᠷᠠᠴᠢᠯᠠᠨ ᠳᠦᠭᠡᠮᠡᠯᠵᠢᠭᠦᠯᠭᠦ ᠶᠤᠰᠤᠳᠠᠢ ᠰᠠᠭᠤᠷᠢ ᠰᠤᠷᠭᠠᠨ ᠭᠦᠮᠦᠵᠢᠯ ᠢ ᠳᠦᠪᠯᠡᠷᠡᠭᠦᠯᠵᠤ ᠳᠠᠯᠪᠢᠭᠰᠠᠨ ᠨᠢ ᠰᠤᠷᠭᠠᠨ ᠭᠦᠮᠦᠵᠢᠯ ᠤᠨ ᠨᠠᠭᠠᠳᠤ ᠵᠠᠬ᠎ᠠ ᠶᠢᠨ ᠱᠠᠭᠠᠷᠳᠠᠯᠭ᠎ᠠ ᠡᠴᠡ ᠴᠤ ᠳᠡᠷᠰᠯᠡᠭ᠍ᠰᠡᠨ ᠪᠠᠢ᠌ᠨ᠎ᠠ᠃ 1990᠂ 4ᠰᠠᠷ᠎ᠠ ᠳᠤ ᠶᠠᠩ ᠵᠢᠢ ᠭᠤᠤ ᠨᠥᠭᠦᠷ ᠨᠢᠭᠡᠨ ᠠᠯᠤᠰ ᠤᠨ ᠪᠣᠳᠤᠯ ᠢ ᠡᠪᠦᠷᠯᠡᠨ《ᠬᠤᠯᠪᠣᠭᠠᠳᠤ ᠰᠤᠷᠭᠠᠭᠤᠯᠢ》 ᠡᠴᠡ ᠰᠠᠯᠤᠭᠠᠤᠨ᠂ ᠣᠤᠯ ᠤᠨ ᠰᠤᠷᠭᠠᠭᠤᠯᠢ ᠶᠢᠨ ᠮᠠᠯᠵᠢᠯ ᠤᠨ ᠳᠠᠯᠠᠪᠠᠢ ᠶᠢᠨ ᠣᠴᠢᠷ ᠪᠠ ᠰᠤᠷᠤᠯᠭ᠎ᠠ ᠶᠢᠨ ᠰᠥᠢᠦᠡᠭᠡᠯ ᠢ ᠬᠤᠷᠢᠶᠠᠬᠤ ᠣᠴᠢᠷ ᠶᠢᠡᠷ ᠪᠠᠶᠠᠨ ᠰᠤᠮᠤᠨ ᠳᠤ ᠬᠠᠷᠢᠵᠤ ᠢᠷᠠᠵᠠᠢ᠃ ᠮᠤᠩᠭ᠋ᠤᠯᠴᠤᠳ ᠪᠣᠯ ᠰᠤᠶᠤᠯ ᠡᠷᠳᠡᠮ ᠢ ᠳᠡᠭᠡᠳᠦᠯᠡᠵᠤ ᠶᠠᠪᠣᠳᠠᠭ ᠢᠷᠠᠭᠤ ᠣᠳᠤᠮᠰᠢᠯ ᠲᠡᠶ ᠦᠨᠳᠦᠰᠦᠳᠠᠨ᠃ ᠣᠯᠠᠩᠭᠢ ᠮᠠᠯᠴᠢᠳ《ᠢᠯᠡᠭᠦᠤ ᠳᠤᠳᠠᠭᠤ ᠦᠨᠡᠨ ᠬᠤᠳᠠᠯ ᠭᠠᠢ᠌ᠯᠢ ᠬᠤᠷᠢᠶᠠᠭᠠᠤᠨ ᠪᠠᠢ᠌ᠬᠤ ᠦᠭᠡᠶ ᠶᠤᠮ ᠪᠣᠯ᠂ ᠣᠯᠤᠰ ᠤᠨ ᠭᠠᠢ᠌ᠯᠢ ᠪᠠ ᠰᠤᠷᠭᠠᠭᠤᠯᠢ ᠶᠢᠨ ᠵᠤᠭᠤᠰ ᠢ ᠦᠭᠭᠦ ᠦᠭᠡᠶ ᠶᠠᠭᠠᠭᠢᠬᠤ ᠪᠣᠢ︕》 ᠭᠡᠤᠨ ᠳᠤᠷᠠᠳᠠᠢ᠌ᠶ᠎ᠠ ᠳᠤᠰᠢᠶᠠᠴᠢᠬᠠᠳᠠᠭ ᠪᠠᠢ᠌ᠵᠠᠢ᠃ ᠳᠠᠳᠠ ᠭᠡᠦᠭᠡᠤᠨ ᠶᠢᠡᠨ ᠰᠤᠷᠭᠠᠭᠤᠯᠢ ᠳᠤ ᠳᠠᠯᠪᠢᠬᠤ ᠳᠤᠷ᠎ᠠ ᠦᠭᠡᠶ ᠪᠢᠰᠢ᠂ ᠬᠠᠷᠢᠨ ᠬᠤᠯᠠ ᠳᠠᠯᠪᠢᠵᠤ ᠴᠢᠳᠠᠬᠤ ᠦᠭᠡᠶ ᠪᠠᠢ᠌ᠭ᠎ᠠ ᠶᠢ ᠶᠠᠩ ᠵᠢᠢ ᠭᠤᠤ ᠣᠯᠠᠮ ᠪᠣᠳᠠᠳᠠᠢ ᠣᠢ᠌ᠯᠭᠠᠵᠤ ᠠᠪᠴᠠᠢ᠃ 1991 ᠣᠨ ᠳᠤ ᠳᠠᠷᠠ ᠥᠷᠭᠦᠯᠵᠢᠯᠡᠨ ᠰᠤᠮᠤᠨ ᠳᠡᠭᠡᠷ᠎ᠡ ᠪᠠᠨ ᠦᠯᠠᠳᠠᠵᠤ᠂ ᠳᠤᠰᠢᠶᠠᠯ ᠡᠭᠦᠷᠭᠡᠯᠡᠨ ᠭᠦᠳᠡᠭᠡ ᠪᠠᠭᠤᠭᠰᠠᠨ ᠺᠠᠳ᠋ᠷ ᠶᠢᠡᠷ ᠠᠵᠢᠯᠯᠠᠪᠠ᠃
1992 ᠣᠨ ᠪᠣᠯᠬᠤ ᠳᠤ ᠪᠠᠶᠠᠨ ᠰᠤᠮᠤᠨ ᠡᠴᠡ ᠬᠤᠯᠪᠣᠭᠠᠳᠤ ᠰᠤᠷᠭᠠᠭᠤᠯᠢ ᠳᠤ ᠣᠴᠢᠬᠤ ᠰᠤᠷᠤᠭᠴᠢ ᠶᠢᠨ ᠳᠤᠭ᠎ᠠ ᠣᠯᠠᠮ ᠶᠢᠡᠷ ᠴᠥᠭᠡᠷᠡᠵᠤ ᠢᠷᠡᠭ᠍ᠰᠡᠨ ᠳᠤᠯᠠ ᠰᠢᠶᠠᠨ ᠤ ᠰᠤᠷᠭᠠᠨ ᠭᠦᠮᠦᠵᠢᠯ ᠤᠨ ᠳᠤᠪᠴᠢᠶᠠᠨ ᠡᠴᠡ ᠪᠠᠢ᠌ᠴᠠᠭᠠᠯᠳᠠ ᠭᠢᠯᠭᠡᠭᠦ ᠪᠠᠷ ᠭᠦᠮᠤᠨ ᠢᠷᠡᠭᠦᠯᠪᠡ᠃ ᠶᠠᠩ ᠵᠢᠢ ᠭᠤᠤ ᠨᠥᠭᠦᠷ ᠲᠤᠬᠢᠶᠠᠯ ᠢ ᠵᠠᠪᠳᠤᠭᠤᠯᠤᠨ ᠴᠠᠺᠠ ᠪᠠᠯᠭᠠᠰᠤᠨ ᠳᠡᠭᠡᠷ᠎ᠡ ᠨᠢᠭᠡᠨ ᠮᠤᠩᠭ᠋ᠤᠯ ᠰᠤᠷᠭᠠᠭᠤᠯᠢ ᠪᠠᠢ᠌ᠭᠤᠯᠬᠤ ᠳᠤᠬᠠᠢ ᠠᠩᠬᠠᠨ ᠤ ᠭᠦᠰᠡᠯ ᠵᠤᠷᠢᠭ ᠶᠢᠡᠨ ᠳᠡᠪᠰᠢᠭᠦᠯᠵᠡᠢ᠃ ᠪᠡᠯᠡᠳᠭᠡᠯ ᠲᠡᠶ ᠳᠠᠷᠢᠭᠢ ᠳᠤᠯᠤᠭᠠᠢ ᠶᠢ ᠲᠤᠬᠢᠶᠠᠯ ᠵᠠᠶᠠᠭ᠎ᠠ ᠠᠯᠠᠭᠴᠢᠯᠠᠳᠠᠭ ᠦᠭᠡᠶ᠃ ᠵᠠᠷᠢᠮ ᠭᠦᠮᠤᠨ ᠶᠠᠩ ᠵᠢᠢ ᠭᠤᠤ ᠶᠢᠨ ᠰᠠᠨᠠᠯ ᠢ ᠨᠢᠭᠡ ᠶᠡᠭᠡ ᠳᠤᠩᠭ᠋ᠠᠭᠠᠵᠤ ᠥᠵᠡᠭ᠍ᠰᠡᠨ ᠴᠤ ᠦᠭᠡᠶ᠂《ᠵᠠ ᠳᠠᠢ᠌ᠮᠤ ᠪᠣᠯ ᠬᠤᠶᠠᠷ ᠵᠢᠯ ᠳᠤᠷᠰᠢᠭᠠᠤᠨ ᠦᠵᠡ 》 ᠭᠡᠭᠦ ᠮᠠᠶᠢᠭᠳᠠᠢ ᠠᠮᠠᠨ ᠵᠦᠪᠰᠢᠶᠠᠷᠠᠯ ᠥᠭ᠍ᠴᠡᠢ᠃
ᠴᠠᠺᠠ ᠶᠢᠨ ᠭᠢᠳᠠᠤᠨ ᠰᠤᠷᠭᠠᠭᠤᠯᠢ ᠨᠢᠭᠡ ᠮᠤᠩᠭ᠋ᠤᠯ ᠠᠩᠭᠢ ᠲᠡᠶ ᠪᠣᠯᠪᠠ᠃《ᠲᠦᠷᠦ》 ᠵᠢ ᠪᠠᠢ᠌ᠭᠤᠯᠬᠤ ᠳᠤ ᠭᠢᠯᠪᠠᠷ᠂ ᠪᠠᠭᠡᠵᠢᠭᠦᠯᠭᠦ ᠳᠤ ᠭᠦᠴᠢᠷ᠃ ᠪᠦᠭᠦ ᠶᠠᠭᠤᠮ᠎ᠠ ᠳᠡᠭ᠌ ᠡᠴᠡ ᠡᠭᠢᠯᠡᠯ᠎ᠡ᠃ ᠬᠠᠮᠤᠭ ᠠᠩᠬᠠᠨ ᠤ ᠰᠤᠷᠭᠠᠭᠤᠯᠢ ᠨᠢ 2 ᠪᠠᠭᠰᠢ 24 ᠰᠤᠷᠤᠭᠴᠢ ᠲᠡᠶ᠃ ᠰᠢᠶᠠᠨ ᠡᠴᠡ ᠰᠢᠨ᠎ᠠ ᠰᠢᠷᠡᠭᠡ ᠰᠠᠠᠳᠠᠯᠢ ᠦᠭᠭᠦᠭᠦᠯᠦᠭ᠍ᠰᠡᠨ ᠪᠣᠯᠪᠠᠴᠤ ᠭᠢᠳᠠᠤᠨ ᠰᠤᠷᠭᠠᠭᠤᠯᠢ ᠨᠢ ᠳᠤᠰᠴᠤ ᠠᠪᠣᠭᠠᠤᠨ ᠡᠪᠳᠡᠷᠭᠡᠢ ᠪᠠᠯᠪᠠᠷᠬᠠᠢ ᠶᠠᠭᠤᠮᠠᠰ ᠶᠢᠡᠷ ᠶᠢᠡᠨ ᠰᠤᠯᠢᠵᠤ ᠥᠭ᠍ᠴᠡᠢ᠃ ᠬᠤᠶᠠᠷ ᠪᠠᠭᠰᠢ ᠳᠤ ᠨᠢ ᠭᠠᠭᠴᠠ ᠠᠵᠢᠯ ᠤᠨ ᠰᠢᠷᠡᠭᠡ ᠲᠡᠶ᠂ ᠬᠤᠶᠠᠷ ᠳᠠᠯ᠎ᠠ ᠳ᠋ᠤᠨᠢ ᠬᠤᠶᠠᠷ ᠰᠠᠠᠳᠠᠯᠢ ᠲᠡᠶ᠃ ᠡᠨᠡ ᠪᠣᠯ《ᠶᠠᠩᠵᠢᠭ ᠤᠨ ᠰᠤᠷᠭᠠᠭᠤᠯᠢ》 ᠶᠢᠨ ᠪᠦᠭᠦ ᠦᠪ ᠭᠦᠷᠦᠩᠭᠡ᠃ ᠰᠤᠷᠭᠠᠭᠤᠯᠢ ᠨᠢ ᠨᠠᠷᠠ ᠬᠠᠶᠢᠭ ᠴᠤ ᠦᠭᠡᠶ᠂ ᠵᠤᠭᠤᠰ ᠳᠠᠩᠰᠠ ᠴᠤ ᠦᠭᠡᠢ《ᠬᠠᠷ᠎ᠠ ᠡᠷᠦᠭᠡ》 ᠪᠣᠯᠵᠠᠢ᠃ ᠰᠢᠶᠠᠨ ᠡᠴᠡ ᠵᠠᠷᠢᠮ ᠳᠠᠭᠠᠨ ᠵᠠᠷᠤᠳᠠᠯ ᠰᠥᠢᠦᠡᠭᠡᠯ᠂ ᠭᠢᠴᠢᠶᠠᠯ ᠤᠨ ᠭᠡᠷᠡᠭ᠍ᠰᠡᠯ ᠢᠷᠡᠭᠦᠯᠳᠡᠭ᠌ ᠪᠣᠯᠪᠠᠴᠤ ᠭᠢᠳᠠᠤᠨ ᠰᠤᠷᠭᠠᠭᠤᠯᠢ ᠶᠢᠨ ᠨᠠᠷᠠ ᠪᠠᠷ ᠢᠷᠡᠭᠦᠯᠳᠡᠭ᠌ ᠳᠤᠯᠠ᠂ ᠳᠡᠭᠦᠨ ᠢ ᠨᠥᠭᠦᠭᠡᠳᠡᠭᠢ ᠨᠢ ᠢᠯᠠ ᠳᠠᠯᠳᠠ ᠪᠠᠷ ᠳᠠᠰᠢᠴᠢᠬᠠᠭᠠᠤᠨ ᠪᠠᠢ᠌ᠳᠠᠭ ᠪᠣᠯᠵᠠᠢ᠃ ᠡᠪᠦᠯ ᠳᠦᠭᠦᠯᠡ᠂ ᠵᠤᠭᠤᠰ ᠲᠡᠶ ᠨᠢ ᠵᠢᠷᠤᠭ᠎ᠠ ᠬᠠᠯᠳᠠᠷ᠂ ᠵᠤᠭᠤᠰ ᠦᠭᠡᠶ ᠨᠢ ᠵᠤᠭᠰᠤᠭ᠎ᠠ ᠬᠠᠯᠳᠠᠷ᠃ ᠶᠠᠩ ᠵᠢᠢ ᠭᠤᠤ ᠪᠠᠭᠰᠢ ᠨᠢᠭᠡ ᠳᠠᠪᠰᠢ ᠨᠡᠭᠦᠷᠡᠰᠤ ᠠᠪᠬᠤ ᠪᠠᠯᠠ ᠦᠭᠡᠶ ᠵᠤᠭᠰᠤᠨ᠎ᠠ᠃ ᠠᠷᠭ᠎ᠠ ᠶᠠᠳᠠᠬᠤ ᠳᠤ ᠪᠠᠨ ᠭᠢᠳᠠᠤᠨ ᠠᠢ᠌ᠯ ᠡᠴᠡ ᠵᠢᠦᠡᠭᠦᠭᠦᠷ ᠳᠡᠷᠭᠡ ᠶᠠᠭᠠᠷᠯᠠᠭᠠᠤᠨ (ᠵᠢᠭᠡᠯᠡᠭᠡᠤᠨ)᠂ ᠪᠣᠷᠤ ᠬᠠᠯᠳᠠᠷ ᠭᠡᠦᠭᠡᠤᠨ ᠤᠳ ᠶᠢᠡᠨ ᠳᠠᠭᠠᠭᠠᠯᠤᠨ ᠬᠤᠶᠠᠷ ᠵᠢᠯ ᠳᠠᠷᠠᠭᠠᠯᠠᠨ ᠭᠦᠳᠡᠭᠡ ᠭᠠᠷᠴᠤ ᠳᠦᠯᠡᠭᠡ ᠳᠡᠭᠦᠵᠡᠢ᠃ ᠲᠦᠯᠡᠰᠢ ᠲᠡᠶ ᠪᠣᠯᠵᠤ ᠠᠪᠬᠤ ᠳᠤ ᠵᠤᠤᠬ᠎ᠠ ᠪᠠᠢ᠌ᠳᠠᠭ ᠦᠭᠡᠶ᠂ ᠶᠠᠩ ᠵᠢᠢ ᠭᠤᠤ ᠪᠠᠭᠰᠢ ᠡᠮᠦᠨ᠎ᠡ ᠬᠣᠢ᠌ᠨ᠎ᠠ ᠰᠢᠨ᠎ᠠ ᠬᠠᠭᠤᠴᠢᠨ ᠭᠤᠷᠪᠠᠨ ᠳᠠᠮᠤᠷ ᠵᠤᠤᠬ᠎ᠠ ᠪᠠᠨ ᠭᠡᠷ ᠡᠴᠡ ᠪᠠᠨ ᠠᠪᠠᠴᠢᠨ ᠰᠤᠷᠤᠭᠴᠢᠳ ᠲᠤ ᠪᠠᠨ ᠳᠤᠯᠵᠤ ᠥᠭ᠍ᠴᠡᠢ᠃ ᠴᠠᠺᠠ ᠪᠠᠯᠭᠠᠰᠤᠨ ᠤ ᠮᠤᠩᠭ᠋ᠤᠯ ᠰᠤᠷᠭᠠᠭᠤᠯᠢ ᠶᠢᠨ ᠳᠤᠯᠭ᠎ᠠ ᠭᠤᠯᠤᠮᠳᠠ ᠢᠩᠭᠢᠵᠤ ᠠᠰᠠᠵᠤ ᠭᠦᠭ᠍ᠵᠢᠵᠤ ᠡᠭᠢᠯᠡᠭ᠍ᠰᠡᠨ ᠳᠡᠦᠭᠡ ᠲᠡᠶ᠃ ᠳᠡᠭᠦᠨ ᠤ ᠳᠠᠭᠤᠷᠢᠶᠠᠯ ᠶᠢᠡᠷ ᠪᠣᠰᠤᠳ ᠮᠤᠩᠭ᠋ᠤᠯ ᠪᠠᠭᠰᠢ ᠨᠡᠷ ᠴᠤ ᠣᠳᠤ ᠴᠤ ᠭᠡᠰᠡᠨ ᠰᠤᠷᠤᠭᠴᠢ ᠪᠠ ᠰᠤᠷᠭᠠᠭᠤᠯᠢ ᠳᠠᠭᠠᠨ ᠬᠤᠪᠴᠠᠰᠤ ᠬᠤᠨᠠᠷ ᠡᠴᠡ ᠥᠭ᠍ᠰᠦᠭᠦᠯᠤᠨ ᠡᠯ᠎ᠡ ᠵᠣᠢ᠌ᠯ ᠢ ᠬᠠᠠᠳᠢᠪᠯᠠᠵᠤ᠂ ᠣᠠᠴᠠ ᠭᠦᠴᠡᠷᠳᠡᠯ ᠲᠡᠶ ᠠᠢ᠌ᠯ ᠪᠠ ᠭᠤᠷᠪᠠ ᠡᠴᠡ ᠢᠯᠡᠭᠦᠤ ᠭᠡᠦᠭᠡᠤᠨ ᠶᠢᠡᠨ ᠮᠤᠩᠭ᠋ᠤᠯ ᠰᠤᠷᠭᠠᠭᠤᠯᠢ ᠳᠤ ᠳᠠᠯᠪᠢᠭᠰᠠᠨ ᠠᠢ᠌ᠯ ᠡᠴᠡ ᠰᠤᠷᠤᠯᠭ᠎ᠠ ᠶᠢᠨ ᠰᠥᠢᠦᠡᠭᠡᠯ ᠬᠤᠷᠢᠶᠠᠳᠠᠭ ᠦᠭᠡᠶ᠃ ᠡᠨᠡ ᠨᠢ ᠡᠨᠡ ᠬᠤᠶᠠᠷ ᠵᠢᠯ ᠤᠨ ᠭᠡᠷᠡᠭ᠌ ᠪᠢᠰᠢ᠂ ᠪᠦᠭᠦ ᠣᠯᠤᠰ ᠲᠤ ᠠᠪᠴᠤ ᠭᠡᠯᠡᠭ᠍ᠰᠡᠨ ᠴᠤ ᠬᠤᠪᠣᠷ ᠲᠤᠬᠢᠶᠠᠯᠳᠤᠬᠤ ᠠᠯᠢ ᠭᠡᠳᠥᠢᠨ ᠤ ᠶᠠᠪᠣᠳᠠᠯ᠃
ᠠᠵᠢᠯ ᠤᠨ ᠭᠦᠡᠵᠡᠭᠡᠢ᠌ᠷᠡᠯ ᠢ ᠳᠠᠭᠠᠯᠳᠤᠨ ᠶᠠᠩ ᠵᠢᠢ ᠭᠤᠤ ᠨᠥᠭᠦᠷ ᠴᠤ ᠭᠠᠷᠰᠢᠵᠤ ᠡᠭᠢᠯᠡᠯ᠎ᠡ᠃ ᠵᠢᠯ ᠵᠢᠯ ᠬᠤᠷᠢᠶᠠᠵᠤ ᠠᠪᠣᠭᠠᠤᠨ ᠳᠡᠭᠡᠭ᠍ᠰᠢ ᠳᠤᠰᠢᠶᠠᠳᠠᠭ ᠰᠤᠷᠤᠯᠭ᠎ᠠ ᠶᠢᠨ ᠰᠥᠢᠦᠡᠭᠡᠯ ᠢ ᠰᠢᠶᠠᠨ ᠳᠡᠭᠡᠷ᠎ᠡ ᠳᠠᠩᠰᠠᠯᠠᠭᠠᠤᠨ ᠰᠤᠮᠤ ᠪᠠᠯᠭᠠᠰᠤ ᠳᠤ ᠨᠢ ᠪᠣᠴᠠᠭᠠᠳᠠᠭ ᠪᠠᠢ᠌ᠵᠠᠢ᠃ ᠰᠤᠮᠤ ᠪᠠᠯᠭᠠᠰᠤ ᠮᠠᠨᠢ ᠡᠨᠡ ᠵᠤᠭᠤᠰ ᠢ ᠵᠠᠷᠢᠮ ᠳᠤ ᠪᠠᠨ ᠦᠪᠡᠷ ᠶᠢᠡᠨ《ᠰᠢᠩᠭᠡᠭᠡᠴᠢᠭᠦ》 ᠪᠣᠶᠤ ᠵᠠᠷᠢᠮ ᠳᠠᠭᠠᠨ ᠥᠭᠡᠷ᠎ᠡ ᠭᠠᠵᠠᠷ ᠭᠡᠷᠡᠭᠯᠡᠴᠢᠭᠡᠳᠡᠭ᠌ ᠪᠠᠢ᠌ᠵᠠᠢ᠃ ᠣᠳᠠᠭᠰᠠᠨ ᠦᠭᠡᠶ ᠡᠨᠡ ᠮᠥᠩᠭᠦ ᠶᠢ《ᠶᠠᠩᠵᠢᠭ ᠤᠨ ᠰᠤᠷᠭᠠᠭᠤᠯᠢ》 ᠳ᠋ᠤ ᠰᠢᠯᠵᠢᠭᠦᠯᠵᠤ ᠠᠪᠴᠤ ᠴᠢᠳᠠᠬᠤ ᠪᠣᠯᠪᠠ᠃ ᠶᠠᠩ ᠵᠢᠢ ᠭᠤᠤ ᠪᠠᠭᠰᠢ ᠵᠢᠯ ᠳᠤ ᠪᠠᠨ 1 ᠊᠊᠊᠊᠊᠊᠊᠊᠊᠊᠊᠊᠊᠊᠊ 2 ᠲᠦᠮᠠ ᠶᠢᠨ ᠣᠷᠤᠯᠭ᠎ᠠ ᠲᠡᠶ ᠪᠣᠯᠵᠤ᠂ ᠣᠳᠠᠭᠰᠠᠨ ᠴᠤ ᠦᠭᠡᠶ ᠦᠯᠵᠢᠵᠤ ᠭᠦᠯᠵᠢᠵᠤ ᠡᠭᠢᠯᠡᠭ᠍ᠰᠡᠨ ᠪᠠᠢ᠌ᠨ᠎ᠠ᠃ ᠢᠩᠭᠢᠭᠡᠤᠨ ᠮᠠᠯᠴᠢᠳ ᠤᠨ ᠥᠷᠭᠡᠨ ᠭᠦᠷᠢᠶᠡᠯᠡᠯ ᠢ ᠣᠯᠬᠤ ᠪᠠᠨ ᠶᠠᠩ ᠵᠢᠢ ᠭᠤᠤ ᠪᠠᠭᠰᠢ ᠶᠢᠨ ᠴᠢᠷᠮᠠᠢ᠌ᠯᠭ᠎ᠠ ᠰᠢᠨᠤᠯᠭᠠ ᠶᠢ ᠳᠠᠭᠠᠯᠳᠤᠨ ᠰᠤᠷᠭᠠᠭᠤᠯᠢ ᠨᠢ ᠴᠤ《ᠭᠤᠷᠪᠠᠨ ᠰᠤᠮᠤᠨ ᠤ ᠬᠤᠯᠪᠣᠭᠠᠳᠤ ᠰᠤᠷᠭᠠᠭᠤᠯᠢ ᠶᠢᠨ ᠴᠠᠺᠠ ᠳ᠋ᠠᠭᠢ ᠬᠤᠪᠢᠶᠠᠷᠢ ᠰᠤᠷᠭᠠᠭᠤᠯᠢ》 ᠭᠡᠭᠦ ᠲᠦᠪ ᠨᠠᠷᠠ ᠳᠡᠭᠦᠰ ᠨᠢᠳᠠᠷ ᠲᠡᠶ ᠪᠣᠯᠵᠤ ᠪᠠᠯᠠ ᠮᠥᠩᠭᠦᠨ ᠤ ᠳᠠᠩᠰᠠ ᠳ᠋ᠤᠭᠠᠷ ᠲᠡᠶ ᠴᠤ ᠪᠣᠯᠵᠤ ᠠᠪᠴᠠᠢ᠃ ᠣᠳᠤ ᠪᠣᠯᠬᠤ ᠳᠤ 8 ᠪᠠᠭᠰᠢ ᠲᠡᠶ᠂ 60 ᠊ᠭᠠᠤᠨ ᠰᠤᠷᠤᠭᠴᠢ ᠲᠡᠶ (ᠵᠢᠯ ᠤᠨ ᠨᠢᠭᠡ ᠠᠩᠭᠢ ᠳᠡᠭᠦᠰᠭᠡᠳᠡᠭ᠌)᠂ ᠪᠠᠰᠠ ᠰᠢᠷᠡᠭᠡ ᠡᠴᠡ ᠪᠠᠨ ᠪᠣᠭᠤᠨᠢ 10 ᠭᠡᠦᠭᠡᠤᠨ ᠪᠦᠭᠦᠯᠢ ᠪᠡᠯᠡᠳᠭᠡᠯ ᠠᠩᠭᠢ ᠲᠡᠶ᠂ ᠶᠡᠭᠡ ᠠᠢ᠌ᠯ ᠪᠣᠯᠤᠭᠰᠠᠨ ᠪᠠᠢ᠌ᠨ᠎ᠠ᠃
ᠳᠤᠬᠠᠢ ᠶᠢᠨ ᠦᠶ᠎ᠡ ᠳᠦ《ᠨᠢᠭᠡ ᠬᠤᠶᠠᠷ ᠵᠢᠯ ᠳᠤᠷᠰᠢᠵᠤ ᠦᠵᠡ︕》 ᠭᠡᠵᠤ ᠪᠠᠢ᠌ᠭᠰᠠᠨ ᠭᠦᠮᠦᠰ ᠶᠠᠩ ᠵᠢᠢ ᠭᠤᠤ ᠶᠢᠨ ᠡᠨᠡᠭᠦ《ᠳᠤᠷᠰᠢᠯᠳᠠ》 ᠳ᠋ᠤ ᠨᠢ ᠶᠠᠮᠠᠷ ᠴᠤ ᠦᠨᠡᠯᠠᠯᠳᠠ ᠦᠭᠡᠶ ᠳᠠᠭ ᠪᠣᠯᠵᠠᠢ᠃ ᠨᠢᠭᠡ ᠳᠤ᠂ ᠰᠤᠷᠭᠠᠭᠤᠯᠢ ᠨᠡᠢ᠌ᠯᠡᠭᠦᠯᠭᠦ ᠶᠠᠪᠣᠳᠠᠯ ᠨᠢ ᠬᠠᠢ᠌ᠲᠦᠩ ᠤᠨ ᠳᠠᠷᠢᠶᠠᠯᠠᠬᠤ ᠣᠷᠤᠨ ᠤ ᠪᠠᠷᠢᠮᠵᠢᠶ᠎ᠠ ᠶᠢ ᠬᠠᠢ᠌ᠰᠢ ᠶᠢᠨ ᠮᠠᠯᠵᠢᠬᠤ ᠣᠷᠤᠨ ᠳᠤ ᠳᠤᠬᠤᠭᠰᠠᠨ ᠭᠡᠷᠡᠭ᠌᠃ ᠡᠭᠦᠨ ᠢ ᠵᠠᠷᠢᠮ ᠭᠢᠳᠠᠤᠨ ᠣᠳᠤᠷᠢᠳᠤᠯᠭ᠎ᠠ ᠵᠥᠪᠰᠢᠶᠡᠷᠡᠳᠡᠭ᠌ ᠪᠣᠯᠪᠠᠴᠤ ᠮᠤᠩᠭ᠋ᠤᠯᠴᠤᠳ ᠵᠥᠪᠰᠢᠶᠡᠷᠡᠳᠡᠭ᠌ ᠦᠭᠡᠶ ᠳᠤᠯᠠ᠂ ᠳᠤᠤᠭᠠᠷᠬᠤ ᠶᠤᠰᠤᠳᠠᠢ ᠭᠦᠮᠦᠰ ᠰᠡᠭᠦᠯ ᠤᠨ ᠦᠶ᠎ᠡ ᠳᠤ ᠠᠯᠢ ᠳᠠᠯ᠎ᠠ ᠳᠤ ᠨᠢ ᠴᠤ ᠳᠤᠤᠭᠠᠷᠴᠤ ᠴᠢᠳᠠᠬᠤ ᠦᠭᠡᠶ ᠪᠣᠯᠤᠭᠰᠠᠨ ᠪᠠᠢ᠌ᠨ᠎ᠠ ︔ ᠬᠤᠶᠠᠷ ᠲᠤ᠂《ᠬᠤᠶᠠᠷ ᠵᠢᠯ ᠤᠨ ᠳᠤᠷᠰᠢᠯᠳᠠ 》 ᠶᠢ ᠨᠢ《ᠰᠤᠷᠭᠠᠭᠤᠯᠢ ᠳᠠᠰᠤᠳᠠᠬᠤ ᠠᠵᠢᠯᠯᠠᠭ᠎ᠠ》 ᠪᠣᠯᠭᠠᠭᠰᠠᠨ ᠶᠠᠩ ᠵᠢᠢ ᠭᠤᠤ ᠳᠤ ᠳᠤᠷ᠎ᠠ ᠥᠭᠡᠢ᠌ᠴᠡᠭ᠍ᠰᠡᠨ ᠴᠤ ᠭᠡᠷᠡᠭ᠌ ᠣᠷᠣᠢ᠌ᠳᠠᠵᠤ᠂ ᠥᠡᠳᠡᠭᠡ ᠨᠢ ᠴᠤᠷᠪᠣᠭ᠎ᠠ ᠪᠣᠯᠵᠤ ᠳᠡᠭ᠍ᠳᠡᠭᠡᠭᠡᠢ ᠨᠢ ᠭᠠᠯᠠᠭᠤᠬᠠᠢ ᠪᠣᠯᠤᠭᠰᠠᠨ ᠳᠤᠯᠠ ᠳᠤᠭᠤᠢ ᠬᠠᠷᠠᠵᠤ ᠬᠤᠴᠤᠷᠬᠤ ᠡᠴᠡ ᠥᠭᠡᠷ᠎ᠡ ᠠᠷᠭ᠎ᠠ ᠦᠭᠡᠶ ᠪᠠᠢ᠌ᠵᠠᠢ᠃ ᠪᠠᠰᠠ ᠨᠢᠭᠡ《ᠰᠠᠢ᠌ᠨ》 ᠣᠴᠢᠷ ᠭᠡᠪᠠᠯ︔《ᠶᠠᠩᠵᠢᠭ ᠤᠨ ᠰᠤᠷᠭᠠᠭᠤᠯᠢ》 ᠵᠢ ᠡ᠊ᠨᠳᠡ ᠪᠠᠢ᠌ᠭᠤᠯᠬᠤ ᠶᠢ ᠭᠢᠳᠠᠤᠨ ᠰᠤᠷᠭᠠᠭᠤᠯᠢ ᠳᠤ ᠠᠰᠢᠭ ᠲᠡᠶ ᠶᠤᠮ᠃ ᠡᠭᠢᠨ ᠤ ᠦᠶ᠎ᠡ ᠳᠦ《ᠠᠵᠤ ᠠᠬᠤᠢ》 ᠵᠢᠨ《ᠡᠭᠢ ᠪᠠᠶᠠᠯᠢᠭ》 ᠨᠢ ᠭᠡᠷᠡᠭ᠌ ᠲᠡᠶ ᠪᠠᠢ᠌ᠭᠰᠠᠨ ᠪᠣᠯ ᠰᠡᠭᠦᠯ ᠤᠨ ᠦᠶ᠎ᠡ ᠳᠤ ᠰᠤᠷᠤᠭᠴᠢ ᠶᠢᠨ《ᠡᠭᠢ ᠪᠠᠶᠠᠯᠢᠭ》 ᠨᠢ ᠭᠡᠷᠡᠭ᠍ᠳᠡᠢ ᠪᠣᠯᠵᠠᠢ᠃ ᠥᠨᠡ᠊ᠨᠳᠡᠭᠡᠨ ᠴᠤ ᠵᠢᠯ ᠪᠦᠷᠢ ᠨᠢᠭᠡ ᠭᠡᠳᠤᠨ ᠮᠤᠩᠭ᠋ᠤᠯ ᠰᠤᠷᠤᠭᠴᠢ ᠶᠢᠨ ᠢᠷᠠᠯ ᠶᠢᠡᠨ ᠭᠢᠳᠠᠤᠨ ᠰᠤᠷᠭᠠᠭᠤᠯᠢ ᠳᠤ ᠠᠯᠳᠠᠵᠤ ᠶᠠᠪᠣᠭᠤᠯᠳᠠᠭ ᠪᠠᠢ᠌ᠨ᠎ᠠ᠃ 2003 ᠣᠨ ᠳᠤ ᠨᠢᠭᠡ ᠴᠤ ᠰᠤᠷᠤᠭᠴᠢ ᠡᠯᠰᠡᠵᠤ ᠴᠢᠳᠠᠭᠰᠠᠨ ᠦᠭᠡᠶ᠂ ᠰᠢᠯᠳᠠᠭᠠᠨ ᠪᠣᠯ ᠣᠯᠠᠨ ᠳᠠᠯ᠎ᠠ ᠲᠡᠶ ᠶᠤᠮ (ᠬᠣᠢ᠌ᠨ᠎ᠠ ᠥᠭᠦᠯᠡᠨ᠎ᠡ)᠃ ᠡᠢ᠌ᠮᠤ ᠭᠦᠡᠳᠤ ᠴᠤᠭᠢᠯᠳᠠ ᠳᠠᠷᠤᠭᠠᠰᠤ ᠶᠢᠨ ᠡᠮᠦᠨ᠎ᠡ ᠴᠤ ᠭᠡᠤᠨ ᠶᠠᠩ ᠵᠢᠢ ᠭᠤᠤ ᠨᠥᠭᠦᠷ ᠵᠤᠷᠢᠭ ᠬᠠᠷᠢᠭᠰᠠᠨ ᠦᠭᠡᠶ ᠴᠢᠷᠮᠠᠢ᠌ᠵᠤ ᠢᠷᠠᠵᠠᠢ᠃
ᠨᠠᠩ ᠪᠠᠶᠠᠷᠯᠠᠭᠤᠰᠢᠳᠠᠢ ᠨᠢ᠂ ᠶᠠᠩ ᠵᠢᠢ ᠭᠤᠤ ᠪᠠᠭᠰᠢ ᠪᠣᠯ ᠭᠢᠴᠢᠶᠠᠯ ᠭᠦᠮᠦᠵᠢᠯ ᠤᠨ ᠠᠵᠢᠯ ᠳᠤᠮᠳᠠᠭᠢ ᠺᠤᠮᠫᠢᠦ᠋ᠲ᠋ᠧᠷ ᠤᠨ ᠠᠴᠢ ᠬᠤᠯᠪᠣᠭᠳᠠᠯ ᠤᠨ ᠵᠦᠪ ᠳᠠᠨᠢᠵᠤ᠂ ᠭᠡᠷᠡᠭ᠍ᠴᠡᠭᠡ ᠶᠢ ᠨᠢ ᠭᠦᠢᠴᠡᠳ ᠠᠰᠢᠭᠯᠠᠭᠰᠠᠨ ᠬᠠᠮᠤᠭ ᠠᠩᠬᠠᠨ ᠤ ᠪᠠᠭ᠎ᠠ ᠰᠤᠷᠭᠠᠭᠤᠯᠢ ᠶᠢᠨ ᠮᠤᠩᠭ᠋ᠤᠯ ᠪᠠᠭᠰᠢ ᠨᠡᠷ ᠤᠨ ᠨᠢᠭᠡ ᠶᠤᠮ᠃ ᠳᠠᠷᠠ ᠪᠠᠷ ᠬᠤᠰᠢᠭᠤᠴᠢ ᠵᠡᠷᠭᠡ ᠵᠠᠯᠠᠭᠤ ᠠᠪᠢᠶᠠᠰᠤᠯᠢᠭ ᠪᠠᠭᠰᠢ ᠨᠡᠷ ᠶᠢᠡᠨ ᠳᠠᠢ᠌ᠴᠢᠯᠠᠨ ᠺᠤᠮᠫᠢᠤᠢᠲ᠋ᠸᠷ ᠤᠨ ᠡᠭᠢ ᠪᠠᠶᠠᠯᠢᠭ ᠢ ᠨᠡᠭᠡᠭᠡᠤᠨ ᠭᠢᠴᠢᠶᠠᠯ ᠭᠦᠮᠦᠵᠢᠯ ᠳᠤ ᠪᠠᠨ ᠠᠰᠢᠭᠯᠠᠭᠰᠠᠨ ᠳᠡᠦᠭᠡ ᠪᠠᠷ ᠪᠦᠭᠦ ᠰᠢᠶᠠᠨ ᠳᠤ ᠪᠠᠨ ᠳᠦᠷᠦᠭᠦᠯᠵᠤ ᠪᠠᠢ᠌ᠨ᠎ᠠ᠃ ᠪᠠᠭᠰᠢ ᠨᠢᠭᠡᠪᠦᠷᠢ ᠺᠤᠮᠫᠢᠦ᠋ᠲ᠋ᠧᠷ ᠢ ᠴᠢᠳᠠᠮᠠᠭᠠᠢ ᠠᠵᠢᠯᠯᠠᠭᠤᠯᠵᠤ᠂ ᠺᠦᠮᠫᠢᠥᠲ᠋ᠸᠷ ᠲ᠋ᠡᠭᠡᠷ᠎ᠡ ᠭᠢᠴᠢᠶᠠᠯ ᠪᠡᠯᠡᠳᠭᠡᠵᠤ᠂ ᠺᠤᠮᠫᠢᠦ᠋ᠲ᠋ᠧᠷ ᠶᠢᠡᠷ ᠭᠢᠴᠢᠶᠠᠯᠯᠠᠨ ᠬᠠᠷ᠎ᠠ ᠰᠠᠮᠪᠠᠷ᠎ᠠ ᠴᠠᠭᠠᠨ ᠴᠤᠬᠤᠢ ᠡᠴᠡ ᠰᠠᠯᠤᠭᠰᠠᠨ ᠳᠠᠳᠤᠢ ᠦᠭᠡᠶ᠂ ᠪᠠᠭᠰᠢ ᠰᠤᠷᠤᠭᠴᠢᠳ ᠢ ᠭᠢᠴᠢᠶᠠᠯ ᠭᠦᠮᠦᠵᠢᠯ ᠤᠨ ᠨᠢᠭᠡᠨ ᠰᠢᠨ᠎ᠠ ᠶᠢᠷᠳᠢᠠᠴᠤ ᠳᠤ ᠳᠠᠭᠠᠭᠤᠯᠤᠨ ᠭᠦᠷᠭᠡᠭ᠍ᠰᠡᠨ ᠪᠠᠢ᠌ᠨ᠎ᠠ᠃ ᠡᠨᠡ ᠵᠢᠯ (2006 ᠣᠨ) ᠪᠣᠯᠬᠤ ᠳᠤ ᠳᠠᠳᠠᠨ ᠤ ᠺᠤᠮᠫᠢᠦ᠋ᠲ᠋ᠧᠷ ᠭᠢᠴᠢᠶᠡᠯᠡᠯᠭᠡ ᠶᠢᠨ ᠪᠦᠳᠦᠭᠡᠯ ᠨᠢ ᠪᠦᠭᠦ ᠮᠤᠵᠢ ᠶᠢᠨ ᠣᠷᠤᠯᠳᠤᠭᠠᠨ ᠳᠤ ᠣᠷᠤᠯᠴᠠᠬᠤ ᠲᠦᠪᠰᠢᠨ ᠳᠤ ᠭᠦᠷᠴᠡᠢ᠃ ᠳᠤᠪᠴᠢᠶᠠᠨ ᠤ ᠵᠠᠷᠢᠮ ᠣᠳᠤᠷᠢᠳᠤᠯᠭ᠎ᠠ ᠳᠠᠳᠠᠨ ᠤ ᠭᠢᠴᠢᠶᠡᠯᠯᠡᠭᠡ ᠶᠢ ᠰᠤᠨᠢᠷᠬᠠᠭᠠᠤᠨ ᠳᠠᠩᠨᠠᠢ ᠱᠠᠭᠰᠢᠨ ᠪᠠᠶᠠᠰᠴᠤ᠄《ᠡᠢ᠌ᠮᠤ ᠰᠠᠢ᠌ᠬᠠᠨ ᠭᠢᠴᠢᠶᠡᠯᠯᠡᠭᠡ ᠶᠢ ᠠᠩᠬ᠎ᠠ ᠣᠳᠠᠭ᠎ᠠ ᠦᠵᠡᠵᠤ ᠪᠠᠢ᠌ᠨ᠎ᠠ︕》 ᠭᠡᠮᠡᠨ ᠮᠠᠭᠳᠠᠵᠤ ᠪᠠᠢ᠌ᠵᠠᠢ᠃ ᠳᠠᠳᠠ ᠪᠠᠰᠠ ᠺᠤᠮᠫᠢᠥᠲ᠋ᠸᠷ ᠲ᠋ᠡᠭᠡᠷ᠎ᠡ ᠪᠠᠨ ᠬᠠᠶᠠᠭ ᠭᠠᠷᠭᠠᠵᠤ᠂ ᠰᠦᠯᠵᠢᠶᠠᠨ ᠳᠤ ᠣᠷᠤᠵᠤ᠂ ᠪᠦᠭᠦ ᠳᠡᠯᠡᠭᠡᠢ ᠶᠢᠨ ᠮᠤᠩᠭ᠋ᠤᠯ ᠰᠤᠶᠤᠯ ᠣᠷᠠᠯᠢᠭ᠂ ᠰᠤᠷᠭᠠᠨ ᠭᠦᠮᠦᠵᠢᠯ᠂ ᠡᠷᠳᠡᠮ ᠰᠢᠡᠵᠢᠯᠡᠭᠡᠨ ᠤ ᠬᠠᠮᠤᠭ ᠰᠢᠨ᠎ᠠ᠂ ᠬᠠᠮᠤᠬ ᠡᠮᠦᠨ᠎ᠡ ᠹᠷᠤᠠᠲ᠋ ᠤᠨ (ᠴᠢᠨᠠᠷᠯᠢᠭ) ᠡᠭᠢ ᠪᠠᠶᠠᠯᠢᠭ (ᠰᠤᠷᠠᠭ ᠴᠢᠮᠡᠭᠡ) ᠡᠴᠡ ᠭᠦᠷᠳᠡᠯᠴᠡᠵᠤ᠂ ᠮᠡᠳᠡᠯᠭᠡ ᠴᠢᠳᠠᠪᠣᠷᠢ ᠪᠠᠨ ᠳᠡᠭᠡᠭ᠍ᠰᠢᠯᠡᠭᠦᠯᠵᠤ ᠶᠠᠪᠣᠨ᠎ᠠ᠃ ᠳᠠᠳᠠᠨ ᠤ ᠭᠢᠳᠠᠤᠨ ᠰᠤᠷᠭᠠᠭᠤᠯᠢ ᠶᠢᠨ ᠮᠠ ᠵᠠᠭᠢᠷᠤᠯ ᠪᠣᠯ ᠬᠤᠲᠤᠩ ᠭᠦᠮᠤᠨ᠃ ᠳᠠᠷᠡ《ᠶᠠᠩᠵᠢᠭ ᠤᠨ ᠰᠤᠷᠭᠠᠭᠤᠯᠢ》 ᠵᠢᠨ ᠺᠤᠮᠫᠢᠦ᠋ᠲ᠋ᠧᠷ ᠰᠦᠯᠵᠢᠶ᠎ᠠ ᠪᠠᠷ ᠳᠠᠮᠵᠢᠨ ᠮᠤᠩᠭ᠋ᠤᠯ ᠰᠤᠶᠤᠯ ᠣᠷᠠᠯᠢᠭ ᠤᠨ ᠦᠨᠢᠷ ᠪᠠᠶᠠᠯᠢᠭ᠂ ᠳᠦᠷᠭᠡᠨ ᠭᠦᠭ᠍ᠵᠢᠯᠳᠡ ᠶᠢ ᠰᠤᠴᠢᠨ ᠭᠠᠢ᠌ᠬᠠᠵᠤ᠂ ᠨᠢᠭᠡᠨ ᠰᠤᠷᠭᠠᠨ ᠭᠦᠮᠦᠵᠢᠯ ᠤᠨ ᠠᠵᠢᠯᠳᠠᠨ ᠭᠡᠵᠤ ᠪᠠᠢ᠌ᠭᠠᠤᠨ ᠦᠪᠡᠷ ᠤᠨ ᠭᠡᠯᠡ᠂ ᠦᠪᠡᠷ ᠤᠨ ᠪᠢᠴᠢᠭ᠌ ᠦᠭᠡᠶ ᠳᠤ ᠪᠠᠨ ᠢᠴᠢᠩᠭᠦᠢᠷᠡᠨ ᠵᠤᠪᠠᠵᠤ ᠶᠠᠪᠣᠳᠠᠭ ᠶᠢᠡᠨ ᠶᠠᠩ ᠵᠢᠢ ᠭᠤᠤ ᠳᠤ ᠪᠠᠨ ᠭᠡᠯᠡᠳᠡᠭ᠌ ᠪᠠᠢ᠌ᠵᠠᠢ᠃ ᠡᠨᠡ ᠢᠴᠢᠭᠦᠷᠢ ᠵᠤᠪᠠᠯᠠᠩ ᠮᠠᠨ ᠤ ᠳᠤᠯᠤᠭᠠᠢ ᠳᠡᠭᠡᠷ᠎ᠡ ᠢᠷᠡᠭᠦ ᠦᠭᠡᠶ ᠪᠣᠯᠳᠤᠭᠠᠢ᠃
ᠶᠠᠩ ᠵᠢᠢ ᠭᠤᠤ ᠨᠥᠭᠦᠷ᠂ ᠳᠦᠴᠢᠭᠡᠤᠨ ᠨᠠᠰᠤᠨ ᠤ ᠨᠠᠮᠬᠠᠨ ᠪᠣᠷᠤ ᠡᠪᠦᠭᠡᠨ᠂ ᠥᠭᠡ ᠴᠥᠭᠡᠨ᠂ ᠪᠣᠳᠤᠯ ᠭᠦᠨ᠂ ᠣᠢ᠌ᠯᠠ ᠠᠵᠢᠯ ᠳᠤ ᠪᠠᠨ ᠯᠠᠪᠳᠠᠭᠤᠨ ᠭᠢᠨᠠᠮᠠᠭᠠᠢ᠂ ᠵᠠᠪᠠᠵᠢ ᠪᠠᠷ ᠶᠢᠡᠨ ᠦᠯᠦ ᠮᠡᠳᠡᠭ᠌ ᠢᠨᠢᠶᠡᠴᠢᠭᠡᠭᠡᠤᠨ ᠯᠠ᠂ ᠪᠣᠰᠤᠳ ᠢ ᠪᠣᠳᠤᠵᠤ ᠬᠤᠪᠢ ᠪᠠᠨ ᠮᠠᠷᠳᠠᠵᠤ ᠶᠠᠪᠣᠳᠠᠭ ᠭᠦᠮᠤᠨ᠃ ᠦᠪᠡᠷ ᠤᠨ ᠭᠢᠨᠢ ᠳᠤᠬᠠᠢ ᠠᠰᠠᠭᠤᠭᠠᠤᠨ ᠯᠠ ᠪᠠᠢ᠌ᠬᠤ ᠳᠤ᠂ ᠶᠠᠷᠢᠭᠰᠠᠭᠠᠷ ᠶᠠᠷᠢᠭᠰᠠᠭᠠᠷ ᠪᠠᠢ᠌ᠭᠠᠤᠨ ᠯᠠ ᠮᠠᠯᠴᠢᠳ ᠤᠨ ᠰᠠᠢ᠌ᠨ ᠰᠠᠢ᠌ᠬᠠᠨ᠂ ᠮᠠᠯᠴᠢᠳ ᠤᠨ ᠭᠦᠴᠢᠷ ᠵᠤᠪᠠᠯᠠᠩ ᠁ ᠭᠡᠤᠨ ᠯᠠ ᠶᠠᠪᠣᠴᠢᠬᠠᠳᠠᠭ ᠠᠷᠠᠤᠨ ᠤᠨ ᠪᠠᠭᠰᠢ᠂ ᠠᠷᠠᠤᠨ ᠪᠠᠭᠰᠢ᠃
《ᠮᠠᠯᠴᠢᠳ ᠯᠠ ᠭᠡᠴᠡᠭᠦᠤ᠂ ᠬᠤᠳᠠ ᠰᠢᠶᠠᠨ ᠤ ᠰᠤᠷᠭᠠᠭᠤᠯᠢ ᠳᠤ ᠭᠡᠦᠭᠡᠤᠨ ᠶᠢᠡᠨ ᠰᠠᠭᠤᠯᠭᠠᠬᠤ ᠦᠭᠡᠶ ᠭᠡᠤᠨ ᠯᠠ᠂ ᠳᠡᠭᠦᠨ ᠶᠢᠡᠨ ᠳᠠᠭᠠᠭᠠᠤᠨ ᠬᠠᠭᠠᠰ ᠠᠢ᠌ᠯ ᠨᠡᠭᠦᠵᠤ ᠣᠴᠢᠨ᠎ᠠ᠂ ᠡᠰᠡᠭᠦᠯ᠎ᠡ ᠡᠳᠦᠷ ᠪᠦᠷᠢ ᠶᠢᠨ 20 ᠳᠦᠭᠦᠷᠢᠭ᠌ ᠶᠢᠡᠷ ᠭᠦᠮᠤᠨ ᠭᠦᠯᠦᠰᠦᠯᠡᠵᠤ ᠭᠡᠦᠭᠡᠤᠨ ᠶᠢᠡᠨ ᠬᠠᠷᠠᠭᠤᠯᠤᠨ᠎ᠠ᠃ ᠣᠳᠤ ᠪᠣᠯᠳᠠᠯ᠎ᠠ᠃ ᠳᠠᠳᠠ ᠭᠡᠦᠭᠡᠤᠨ ᠶᠢᠡᠨ ᠥᠵᠡᠭᠦ ᠪᠠᠷ ᠣᠴᠢᠬᠤ ᠪᠦᠷᠢ 400 ᠊᠊᠊᠊᠊᠊᠊᠊᠊᠊᠊᠊᠊᠊᠊ 500 ᠵᠤᠭᠤᠰ ᠵᠠᠷᠤᠨ᠎ᠠ᠃ ᠬᠤᠳᠠ ᠰᠢᠶᠠᠨ ᠳᠡᠭᠡᠷ᠎ᠡ ᠪᠠᠢ᠌ᠭ᠎ᠠ ᠪᠠᠭᠰᠢ ᠺᠠᠳ᠋ᠷ ᠤᠳ ᠮᠠᠯᠴᠢᠨ ᠤ ᠡᠨᠡᠭᠦ ᠵᠤᠪᠠᠯᠠᠩ ᠢ ᠮᠡᠳᠡᠳᠡᠭ᠌ ᠦᠭᠡᠶ᠂ ᠣᠴᠢᠷ ᠨᠢ ᠳᠠᠳᠠᠨ ᠤ ᠭᠡᠦᠭᠡᠤᠨ᠂ ᠰᠤᠷᠭᠠᠭᠤᠯᠢ ᠬᠠᠵᠠᠭᠤ ᠳ᠋ᠤᠨᠢ ᠪᠠᠢ᠌ᠭ᠎ᠠ᠃ ᠵᠠᠷᠢᠮ ᠠᠷᠭ᠎ᠠ ᠦᠭᠡᠶ ᠮᠠᠯᠴᠢᠳ ᠣᠢ᠌ᠷ᠎ᠠ ᠳᠦᠭᠦᠮ ᠶᠢᠡᠨ ᠪᠣᠳᠤᠭᠠᠤᠨ ᠭᠢᠳᠠᠤᠨ ᠰᠤᠷᠭᠠᠭᠤᠯᠢ ᠳᠤ ᠳᠠᠯᠪᠢᠨ᠎ᠠ᠃ ᠭᠢᠳᠠᠤᠨ ᠰᠤᠷᠭᠠᠭᠤᠯᠢ ᠨᠢ ᠰᠤᠷᠤᠭᠴᠢ ᠶᠢᠨ ᠳᠤᠭ᠎ᠠ ᠨᠤᠷᠮ᠎ᠠ ᠪᠠᠨ ᠪᠣᠳᠤᠭᠠᠤᠨ ᠳᠤᠷᠠᠳᠠᠢ᠌ᠶ᠎ᠠ ᠭᠦᠯᠢᠶᠡᠵᠤ ᠠᠪᠳᠠᠭ ᠪᠣᠯᠪᠠᠴᠤ ᠰᠤᠷᠤᠯᠭ᠎ᠠ ᠶᠢ ᠨᠢ《ᠮᠤᠩᠭ᠋ᠤᠯ ᠭᠡᠦᠭᠡᠤᠨ ᠶᠤᠮ ᠴᠢᠨᠢ》 ᠭᠡᠤᠨ ᠰᠠᠢ᠌ᠳᠤᠷ ᠬᠠᠮᠢᠶᠠᠷᠤᠳᠠᠭ ᠦᠭᠡᠶ᠂ ᠴᠠᠭᠠᠰᠢᠯᠠᠪᠠᠯ ᠮᠤᠩᠭ᠋ᠤᠯ ᠭᠡᠦᠭᠡᠤᠨ ᠭᠢᠳᠠᠤᠨ ᠶᠢᠡᠷ ᠰᠤᠷᠬᠤ ᠳᠤ ᠪᠠᠨ ᠮᠠᠭᠤ ᠭᠡᠮᠡᠨ ᠮᠠᠭᠤᠴᠢᠯᠠᠵᠤ᠂ ᠭᠢᠴᠢᠶᠠᠯ ᠤᠨ ᠭᠡᠷ ᠲᠤ ᠪᠦᠷ ᠠᠷᠤ ᠮᠦᠷ ᠲᠤ ᠰᠠᠭᠤᠯᠭᠠᠳᠠᠭ᠃ ᠵᠠ᠂ ᠴᠥᠭᠡᠨ ᠳᠤᠭᠠᠨ ᠤ ᠭᠡᠦᠭᠡᠤᠨ ᠡ᠊ᠨᠳᠡ ᠪᠠᠨ ᠰᠠᠢ᠌ᠨ ᠰᠤᠷᠬᠤ ᠪᠠᠷ ᠪᠣᠳᠤᠭᠰᠠᠨ ᠴᠤ᠂ ᠶᠡᠭᠡ ᠰᠤᠷᠭᠠᠭᠤᠯᠢ ᠳᠤ ᠰᠢᠯᠭᠠᠭᠤᠯᠬᠤ ᠪᠣᠯᠬᠤ ᠳᠤ ᠳᠠᠷᠠ ᠣᠯᠠᠨ ᠭᠢᠳᠠᠤᠨ ᠭᠡᠦᠭᠡᠤᠨ ᠡᠴᠡ ᠥᠯᠡᠭᠡᠤᠨ (ᠲ᠋ᠠᠪᠠᠭᠠᠤᠨ) ᠰᠠᠢ᠌ᠨ ᠰᠢᠭ ᠰᠤᠷᠭᠠᠭᠤᠯᠢ ᠳᠤ ᠣᠷᠤᠨ᠎ᠠ ᠭᠡᠵᠤ ᠪᠠᠢ᠌ᠳᠠᠭ ᠦᠭᠡᠶ᠂ ᠪᠠᠷᠤᠭ ᠳᠡᠭᠡᠷ᠎ᠡ ᠪᠠᠨ ᠣᠷᠤᠨ ᠨᠤᠳᠤᠭ ᠤᠨ ᠬᠠᠷᠢᠶᠠᠨ ᠤ ᠰᠤᠷᠭᠠᠭᠤᠯᠢ ᠳᠤ ᠣᠷᠤᠴᠢᠬᠤ ᠨᠢ ᠣᠯᠠᠨ ᠪᠣᠢ᠃ ᠶᠠᠷᠤᠨᠢ ᠮᠠᠨᠠᠢ᠌ᠭᠢᠰ ᠮᠤᠩᠭ᠋ᠤᠯ ᠶᠢᠡᠷ ᠰᠤᠷᠤᠭᠰᠠᠨ ᠨᠢ ᠬᠠᠷᠢᠨ ᠪᠠᠭᠡᠵᠢᠩ᠂ ᠯᠠᠠᠵᠸᠤ᠂ ᠬᠦᠬᠡᠬᠤᠲᠠ ᠳ᠋ᠠᠭᠢ ᠣᠯᠤᠰ ᠤᠨ ᠰᠢᠭᠤᠳ ᠬᠠᠷᠢᠶᠠᠨ ᠤ ᠰᠤᠷᠭᠠᠭᠤᠯᠢ ᠳᠤ ᠣᠷᠤᠴᠢᠬᠤ ᠨᠢ ᠣᠯᠠᠨ᠂ ᠭᠢᠳᠠᠤᠨ ᠶᠢᠡᠷ ᠰᠤᠷᠤᠭᠠᠤᠨ ᠪᠠᠭ᠎ᠠ ᠰᠤᠷᠭᠠᠭᠤᠯᠢ ᠶᠢᠨ ᠪᠠᠭᠰᠢ ᠪᠣᠯᠤᠭᠰᠠᠨ ᠨᠢ ᠴᠤ ᠴᠥᠭᠡᠨ᠃ ᠬᠠᠷᠢᠨ ᠮᠤᠩᠭ᠋ᠤᠯ ᠶᠢᠡᠷ ᠰᠤᠷᠤᠭᠠᠤᠨ ᠭᠢᠳᠠᠤᠨ ᠳᠤᠮᠳᠠᠳᠤ ᠰᠤᠷᠭᠠᠭᠤᠯᠢ ᠳᠤ ᠵᠢᠶᠠ ᠢᠤᠢ ᠯᠤ᠂ ᠮᠠᠠᠵᠢᠶᠠ ᠵᠡᠷᠭᠡ ᠭᠢᠮᠢ᠂ ᠠᠮᠢᠳᠤ ᠪᠣᠳᠠᠰ ᠤᠨ ᠨᠠᠷᠠᠳᠠᠢ ᠪᠠᠭᠰᠢ ᠨᠡᠷ ᠪᠣᠢ᠂ ᠵᠠᠷᠢᠮ ᠤᠨ ᠨᠠᠷᠠ ᠨᠢ ᠮᠠᠷᠳᠠᠭᠳᠠᠵᠠᠢ᠃ ᠡᠢ᠌ᠮᠤ ᠡᠴᠡ ᠶᠠᠮᠠᠷ ᠭᠡᠯᠡ ᠶᠢ ᠰᠤᠷᠪᠠᠯ ᠠᠵᠢᠯ ᠣᠯᠬᠤ᠂ ᠶᠠᠮᠠᠷ ᠭᠡᠯᠡ ᠶᠢ ᠰᠤᠷᠪᠠᠯ ᠣᠯᠬᠤ ᠦᠭᠡᠶ ᠭᠡᠳᠡᠭ᠌ ᠪᠣᠳᠤᠯ ᠪᠣᠯ ᠳᠡᠨᠡᠭ᠌ ᠪᠣᠳᠤᠯ︕ ᠶᠠᠷᠤᠨᠢ ᠰᠤᠷᠭᠠᠭᠤᠯᠢ ᠳᠤ ᠰᠠᠭᠤᠬᠤ ᠨᠢ ᠨᠢᠭᠡ ᠭᠡᠯᠡ ᠶᠢ ᠰᠤᠷᠬᠤ ᠶᠢᠨ ᠳᠦᠯᠦᠭᠡ ᠪᠢᠰᠢ᠂ ᠬᠠᠷᠢᠨ ᠡᠷᠳᠡᠮ ᠴᠢᠳᠠᠪᠣᠷᠢ ᠶᠢ ᠡᠵᠡᠮᠰᠢᠭᠦ ᠶᠢᠨ ᠳᠦᠯᠦᠭᠡ ᠭᠡᠳᠡᠭ᠌ ᠢ ᠳᠤᠳᠤ ᠣᠬᠠᠮᠰᠠᠷᠪᠠᠯ ᠰᠠᠢ᠌ᠨ ᠪᠠᠢ᠌ᠨ᠎ᠠ᠃ ᠣᠴᠢᠷ ᠨᠢ ᠭᠡᠯᠡ ᠶᠢ ᠳᠠᠷᠢᠭᠢ ᠨᠢ ᠵᠢᠯᠤᠭᠤᠳᠤᠳᠠᠭ᠃ ᠶᠠᠮᠠᠷ ᠳᠠᠷᠢᠭᠢ ᠳᠤᠯᠤᠭᠠᠢ ᠲᠡᠶ᠂ ᠶᠠᠮᠠᠷ ᠴᠢᠳᠠᠪᠣᠷᠢ ᠪᠣᠯᠪᠠᠰᠤᠷᠠᠯ ᠲᠡᠶ ᠭᠦᠮᠤᠨ ᠢ ᠭᠦᠮᠦᠵᠢᠭᠦᠯᠭᠦ ᠪᠣᠢ ᠭᠡᠳᠡᠭ᠌ ᠯᠠ ᠴᠢᠬᠤᠯᠠ᠃ ᠳᠡᠭᠡᠭᠦ ᠳᠤ ᠠᠯᠢ ᠴᠤ ᠦᠨᠳᠦᠰᠦᠳᠠᠨ ᠭᠡᠤᠨ ᠦᠪᠡᠷ ᠤᠨ ᠥᠭᠡ ᠭᠡᠯᠡ ᠪᠠᠷ ᠶᠢᠡᠨ ᠰᠤᠷᠪᠠᠯ ᠡᠨᠡ ᠵᠤᠷᠢᠯᠭ᠎ᠠ ᠳᠤ ᠪᠠᠨ ᠭᠦᠷᠭᠦ ᠨᠥᠭᠦᠴᠡᠯ ᠪᠣᠯᠤᠮᠵᠢ ᠶᠡᠭᠡ᠂ ᠵᠠᠮ ᠵᠠᠷᠤᠳᠠᠯ ᠪᠠᠭ᠎ᠠ ᠪᠠᠢ᠌ᠳᠠᠭ᠃ ᠮᠠᠨ ᠤ ᠮᠠᠯᠴᠢᠳ ᠤᠨ ᠡᠨᠡ ᠳᠠᠯ᠎ᠠ ᠶᠢᠨ ᠳᠠᠨᠢᠯᠳᠠ ᠬᠠᠷᠢᠨ ᠳᠤᠳᠤᠷᠬᠠᠢ ᠪᠠᠢ᠌ᠭᠰᠠᠭᠠᠷ ᠢᠷᠡᠭ᠍ᠰᠡᠨ᠁ ᠳᠠᠳᠠ ᠭᠢᠴᠢᠶᠠᠯ ᠭᠦᠮᠦᠵᠢᠯ ᠤᠨ ᠴᠢᠨᠠᠷ ᠨᠢ ᠰᠠᠢ᠌ᠨ ᠰᠤᠷᠭᠠᠭᠤᠯᠢ ᠶᠢ ᠠᠯᠠᠭᠴᠢᠯᠠᠵᠤ ᠥᠵᠡᠳᠡᠭ᠌ ᠦᠭᠡᠶ᠂ ᠪᠣᠳᠠᠭᠠᠨ ᠤ ᠠᠶᠠᠭ᠎ᠠ ᠪᠠᠨ ᠯᠠ ᠠᠯᠳᠠᠬᠤ ᠦᠭᠡᠶ ᠣᠷᠢᠳᠠᠯ ᠳᠤᠤᠷ᠎ᠠ ᠠᠷᠪᠠ ᠬᠤᠷᠢᠨ ᠵᠢᠯ ᠶᠢᠡᠷ᠂ ᠬᠤᠷᠢ ᠭᠤᠴᠢᠨ ᠵᠢᠯ ᠶᠢᠡᠷ ᠠᠯᠪᠠ ᠬᠠᠰᠢᠵᠤ ᠭᠡᠪᠳᠡᠭᠡᠤᠨ᠂ ᠰᠤᠷᠤᠭᠴᠢᠳ ᠢ ᠪᠠᠢ᠌ᠳᠤᠭᠠᠢ ᠦᠪᠡᠷ ᠤᠨ ᠮᠡᠳᠡᠯᠭᠡ ᠴᠢᠳᠠᠪᠣᠷᠢ ᠪᠠᠨ ᠴᠤ ᠰᠢᠨᠠᠴᠢᠯᠠᠵᠤ ᠳᠡᠭᠡᠭ᠍ᠰᠢᠯᠡᠭᠦᠯᠭᠦ ᠦᠭᠡᠶ ᠪᠠᠭᠰᠢ ᠣᠳᠤᠷᠢᠳᠤᠯᠭ᠎ᠠ ᠲᠡᠶ ᠰᠤᠷᠭᠠᠭᠤᠯᠢ ᠳᠤ ᠭᠡᠦᠭᠡᠤᠨ ᠶᠢᠡᠨ ᠭᠦᠷᠭᠡᠳᠡᠭ᠌ ᠦᠭᠡᠶ ᠨᠢ ᠣᠴᠢᠷ ᠲᠡᠶ ᠶᠤᠮ᠃ ᠭᠡᠷᠪᠡ ᠪᠠᠭᠰᠢ ᠣᠳᠤᠷᠢᠳᠤᠯᠭ᠎ᠠ ᠨᠢ ᠡᠢ᠌ᠮᠤ ᠪᠣᠯᠴᠢᠬᠠᠪᠠᠯ᠂ ᠶᠠᠭᠤ ᠶᠢ ᠶᠠᠭᠤ ᠲᠡᠶ ᠨᠢ ᠨᠡᠢ᠌ᠯᠡᠭᠦᠯᠦᠭ᠍ᠰᠡᠨ ᠴᠤ ᠣᠤᠠᠬ᠎ᠠ ᠠᠯᠠᠭ᠎ᠠ᠂ ᠡᠯᠵᠢᠭᠡᠨ ᠤ ᠠᠢ᠌ᠷᠠᠭ ᠶᠢᠡᠨ ᠪᠣᠷᠤᠭᠤ ᠢᠰᠭᠡᠭ᠍ᠰᠡᠨ ᠭᠡᠷᠡᠭ᠌ ᠁》
ᠶᠠᠩ ᠵᠢ᠌ ᠭᠤᠤ ᠨᠥᠭᠦᠷ ᠲᠡᠶ ᠣᠢ᠌ᠷ᠎ᠠ ᠶᠢᠨ ᠬᠤᠶᠠᠷ ᠵᠢᠯ ᠭᠡᠳᠤ ᠣᠳᠠᠭ᠎ᠠ ᠠᠭᠤᠯᠵᠠᠵᠤ ᠶᠠᠷᠢᠯᠴᠠᠯ᠎ᠠ᠃ ᠬᠠᠰᠢᠷ ᠳᠤᠭᠤᠯᠤᠭᠰᠠᠨ ᠳᠡᠭᠦᠨ ᠤ ᠡᠳᠡᠭᠡᠷ ᠶᠠᠷᠢᠶᠠᠨ ᠤ ᠬᠤᠷᠠᠮᠳᠤᠯ ᠨᠢ ᠨᠢᠳᠤ ᠪᠠᠨ ᠠᠨᠢᠭᠰᠠᠨ ᠨᠠᠳᠠᠳᠤ ᠣᠯᠠᠨ ᠢ ᠪᠣᠳᠤᠭᠳᠤᠭᠤᠯᠪᠠ᠃ ᠪᠠᠭ᠎ᠠ ᠰᠤᠷᠭᠠᠭᠤᠯᠢ ᠶᠢ ᠶᠡᠭᠡ ᠰᠤᠷᠭᠠᠭᠤᠯᠢ ᠰᠢᠭ ᠨᠡᠢ᠌ᠯᠡᠭᠦᠯᠵᠤ ᠳᠦᠪᠯᠡᠷᠡᠭᠦᠯᠵᠤ ᠪᠣᠯᠬᠤ ᠦᠭᠡᠶ᠂ ᠪᠠᠭ᠎ᠠ ᠰᠤᠷᠭᠠᠭᠤᠯᠢ ᠶᠢ ᠨᠡᠢ᠌ᠯᠡᠭᠦᠯᠵᠤ ᠪᠠᠢ᠌ᠬᠤ ᠨᠢ ᠥᠷᠭᠡᠨ ᠳᠦᠭᠡᠮᠡᠯᠵᠢᠭᠦᠯᠭᠦ ᠶᠤᠰᠤᠳᠠᠢ ᠰᠠᠭᠤᠷᠢ ᠰᠤᠷᠭᠠᠨ ᠭᠦᠮᠦᠵᠢᠯ ᠤᠨ ᠬᠤᠯᠢᠡᠴᠡ ᠵᠤᠷᠢᠴᠠᠵᠤ ᠪᠠᠢ᠌ᠭ᠎ᠠ ᠠᠳᠠᠯ᠎ᠠ ᠮᠤᠩᠭ᠋ᠤᠯ ᠰᠤᠷᠭᠠᠭᠤᠯᠢ ᠪᠠᠨ ᠬᠤᠮᠢᠵᠤ ᠬᠠᠮᠤᠵᠤ ᠨᠡᠢ᠌ᠯᠡᠭᠦᠯᠤᠨ ᠮᠤᠩᠭ᠋ᠤᠯ ᠪᠠᠭᠰᠢ ᠰᠤᠷᠤᠭᠴᠢ ᠶᠢᠨ ᠳᠤᠭ᠎ᠠ ᠶᠢ ᠴᠥᠭᠡᠷᠡᠭᠦᠯᠴᠢᠭᠡᠭᠡᠤᠨ᠂ ᠡᠭᠦᠨ ᠶᠢᠡᠨ ᠭᠠᠪᠢᠶ᠎ᠠ ᠪᠠᠢ᠌ᠭᠤᠯᠴᠢᠬᠠᠭᠰᠠᠨ ᠰᠢᠭ ᠢᠴᠢᠭᠦᠷᠢ ᠰᠤᠠᠵᠢᠭᠤᠷᠢ ᠦᠭᠡᠶ ᠭᠠᠢ᠌ᠬᠠᠭᠤᠯᠤᠭᠰᠠᠨ ᠭᠦᠮᠤᠨ ᠮᠠᠨ ᠤ ᠳᠤᠳᠤᠷ᠎ᠠ ᠪᠣᠢ᠃ ᠬᠠᠷᠢᠨ ᠡᠨᠡᠭᠦ ᠣᠷᠤᠰᠬᠠᠯ ᠤᠨ ᠡᠰᠡᠷᠭᠦ ᠶᠠᠩ ᠵᠢᠢ ᠭᠤᠤ ᠮᠠᠳᠤ ᠶᠢᠨ ᠨᠥᠭᠦᠷ ᠰᠢᠨ᠎ᠠ ᠵᠠᠮ ᠨᠡᠭᠡᠭᠡᠵᠤ ᠰᠢᠨ᠎ᠠ ᠰᠤᠷᠭᠠᠭᠤᠯᠢ ᠪᠠᠢ᠌ᠭᠤᠯᠤᠭᠰᠠᠨ ᠶᠠᠪᠣᠳᠠᠯ ᠢ ᠬᠤᠪᠢ ᠭᠦᠮᠤᠨ ᠤ ᠴᠢᠳᠠᠪᠣᠷᠢ ᠭᠡᠭᠦ ᠶᠢᠨ ᠣᠷᠤᠨ ᠳᠤ ᠥᠷᠭᠡᠨ ᠣᠯᠠᠨ ᠮᠤᠩᠭ᠋ᠤᠯᠴᠤᠳ ᠤᠨ ᠭᠦᠰᠡᠯ ᠵᠤᠷᠢᠭ ᠭᠡᠪᠠᠯ ᠨᠢᠭᠡ ᠥᠭᠡ᠃ 1990 ᠭᠡᠤᠨ ᠣᠨ ᠤ ᠡᠭᠢᠨ ᠶᠢᠡᠷ ᠪᠠᠶᠠᠨ ᠰᠤᠮᠤᠨ ᠤ ᠭᠡᠰᠡᠭ᠌ ᠮᠠᠯᠴᠢᠳ ᠳᠡᠷᠡᠭᠦ ᠵᠦᠢ ᠵᠤᠭᠢᠰ ᠦᠭᠡᠶ ᠠᠵᠢᠯ ᠤᠨ ᠡᠰᠡᠷᠭᠦ︔《ᠴᠤᠭᠳᠤ》 ᠭᠡᠭᠦ ᠬᠠᠮᠳᠤ ᠶᠢᠨ ᠨᠠᠷᠠ ᠪᠠᠷ《ᠬᠠᠰᠭᠢᠷᠤᠯ》 ᠭᠡᠭᠦ ᠵᠠᠭᠢᠳᠠᠯ ᠪᠢᠴᠢᠨ ᠰᠤᠨᠢᠨ ᠳᠤ ᠨᠠᠢ᠌ᠳᠠᠯᠠᠵᠠᠢ᠃ ᠬᠠᠷᠠᠮᠰᠠᠯᠳᠠᠢ ᠨᠢ ᠬᠤᠯᠪᠣᠭᠳᠠᠬᠤ ᠰᠠᠯᠠᠭ᠎ᠠ ᠮᠦᠴᠢᠷ ᠤᠨ ᠣᠳᠤᠷᠢᠳᠤᠯᠭ᠎ᠠ᠂ ᠠᠷᠠᠤᠨ ᠲᠦᠮᠡᠨ ᠤ ᠵᠤᠷᠢᠭ ᠰᠠᠨᠠᠭ᠎ᠠ ᠶᠢ ᠭᠡᠷᠡᠭ᠌ ᠪᠣᠯᠭᠠᠭᠰᠠᠨ ᠦᠭᠡᠶ᠂ ᠬᠠᠷᠢᠨ《ᠴᠤᠭᠳᠤ》 ᠭᠡᠭ᠍ᠴᠢ ᠭᠡᠨ ᠪᠣᠯᠬᠤ ᠶᠢ ᠭᠡᠷᠡᠭ᠌ ᠪᠣᠯᠭᠠᠨ᠂ ᠰᠤᠨᠢᠨ ᠤ ᠭᠡᠳᠤᠨ ᠨᠠᠢ᠌ᠷᠠᠭᠤᠯᠤᠭᠴᠢ ᠳᠡᠭᠡᠷ᠎ᠡ ᠪᠠᠨ ᠭᠦᠷᠳᠡ ᠪᠠᠭᠤᠵᠤ ᠪᠠᠢ᠌ᠯ᠎ᠠ ᠭᠡᠰᠡᠨ᠃ ᠪᠣᠷᠤᠭᠤ ᠳᠡᠭᠡᠷ᠎ᠡ ᠪᠠᠨ ᠭᠤᠷᠪᠠᠨ ᠪᠣᠷᠤᠭᠤ᠂ ᠪᠣᠬ᠎ᠠ ᠪᠠᠨ ᠠᠯᠠᠭᠠᠤᠨ ᠳᠦᠷᠪᠡᠨ ᠪᠣᠷᠤᠭᠤ ᠭᠡᠭ᠍ᠴᠢ᠂ ᠣᠯᠠᠨ ᠤ ᠭᠦᠰᠡᠯ ᠰᠠᠨᠠᠯ ᠢ ᠳᠤᠰᠬᠠᠮᠠᠭᠴᠠ ᠭᠠᠭᠴᠠ ᠰᠤᠨᠢᠨ ᠤ ᠪᠠᠨ ᠭᠡᠳᠤᠨ ᠨᠠᠢ᠌ᠷᠠᠭᠤᠯᠤᠭᠴᠢ ᠳᠡᠭᠡᠷ᠎ᠡ ᠪᠠᠨ ᠪᠠᠭᠤᠭᠠᠤᠨ ᠪᠠᠢ᠌ᠳᠠᠭ ᠨᠢ ᠮᠠᠨ ᠤ ᠪᠠᠰᠠ ᠨᠢᠭᠡ ᠵᠠᠩᠰᠢᠯ ᠪᠣᠯᠵᠤ᠂ ᠶᠠᠷᠢᠶ᠎ᠠ ᠭᠡᠯᠡᠯᠴᠡᠭᠡᠨ ᠤ ᠡᠷᠭᠡ ᠴᠢᠯᠦᠭᠡ᠂ ᠣᠯᠤᠰ ᠲᠦᠷᠦ ᠶᠢᠨ ᠠᠷᠠᠤᠠᠴᠢᠯᠠᠯ ᠳᠤ ᠬᠠᠯᠳᠠᠭᠰᠠᠨ ᠶᠠᠪᠣᠳᠠᠯ ᠪᠣᠯᠵᠤ ᠪᠠᠢ᠌ᠨ᠎ᠠ᠃ ᠠᠷᠠᠤᠨ ᠤᠨ ᠭᠦᠰᠡᠯ ᠪᠣᠯ ᠳᠠᠯᠠᠢ᠂ ᠣᠩᠭ᠋ᠤᠴᠠ ᠶᠢ ᠭᠦᠪᠪᠦᠭᠦᠯᠵᠤ ᠴᠤ ᠴᠢᠳᠠᠳᠠᠭ᠂ ᠵᠢᠪᠪᠦᠭᠦᠯᠵᠤ ᠴᠤ ᠴᠢᠳᠠᠳᠠᠭ᠃ ᠨᠢᠭᠡ ᠣᠳᠠᠭ᠎ᠠ ᠶᠠᠩ ᠵᠢᠢ ᠭᠤᠤ ᠪᠠᠭᠰᠢ ᠠᠬᠠᠮᠠᠤᠨ ᠣᠳᠤᠷᠢᠳᠤᠯᠭ᠎ᠠ ᠪᠠᠩᠭᠢᠠᠵᠠ ᠭᠤᠸᠠᠢ ᠲᠡᠶ ᠠᠭᠤᠯᠵᠠᠭᠰᠠᠨ ᠳᠤ᠄《ᠡᠷ᠎ᠡ ᠮᠦᠨ︕》 ᠭᠡᠤᠨ ᠡᠷᠡᠭᠡᠢ ᠪᠠᠨ ᠪᠣᠰᠬᠠᠵᠤ ᠪᠠᠢ᠌ᠯ᠎ᠠ ᠭᠡᠳᠡᠭ᠌᠂ ᠡᠨᠡ ᠨᠢ ᠨᠢᠭᠡ ᠯᠠ ᠭᠦᠮᠤᠨ ᠤ ᠥᠷᠦᠭᠡᠰᠤᠨ ᠡᠷᠡᠭᠡᠢ ᠭᠡᠵᠤ ᠦᠦ︖
ᠭᠢᠴᠢᠶᠠᠯ ᠭᠦᠮᠦᠵᠢᠯ ᠤᠨ ᠴᠢᠨᠠᠷ ᠤᠨ ᠳᠤᠬᠠᠢ ᠴᠤ ᠭᠡᠰᠡᠨ ᠮᠠᠯᠴᠢᠳ ᠤᠨ ᠨᠢᠳᠤ ᠪᠣᠯ ᠭᠢᠷᠬᠠᠢ ᠶᠤᠮ᠃ ᠵᠠᠷᠢᠮ ᠨᠢ ᠮᠤᠩᠭ᠋ᠤᠯ ᠰᠤᠷᠭᠠᠭᠤᠯᠢ ᠳᠤ ᠭᠡᠦᠭᠡᠤᠨ ᠶᠢᠡᠨ ᠳᠠᠯᠪᠢᠬᠤ ᠳᠤᠷ᠎ᠠ ᠦᠭᠡᠶ ᠪᠢᠰᠢ᠂ ᠬᠠᠷᠢᠨ ᠠᠵᠢᠯ ᠤᠨ《ᠶᠠᠩᠵᠤ》 ᠶᠢ ᠨᠢ ᠥᠵᠡᠭᠡᠤᠨ᠂ ᠠᠷᠭ᠎ᠠ ᠦᠭᠡᠶ ᠳᠡᠭᠡᠨ ᠭᠢᠳᠠᠤᠨ ᠰᠤᠷᠭᠠᠭᠤᠯᠢ ᠳᠤ ᠳᠠᠯᠪᠢᠵᠤ ᠪᠠᠢ᠌ᠨ᠎ᠠ᠃ ᠰᠠᠢ᠌ᠬᠠᠨ ᠭᠡᠷ ᠪᠠᠷᠢᠯᠭ᠎ᠠ᠂ ᠰᠠᠢ᠌ᠨ ᠳᠤᠨᠤᠭ ᠳᠦᠭᠦᠭᠡᠷᠦᠮᠵᠢ ᠲᠡᠶ ᠪᠣᠯᠴᠢᠬᠠᠯ᠎ᠠ ᠭᠡᠤᠨ ᠠᠵᠢᠯ ᠨᠢ᠂ ᠭᠦᠮᠤᠨ ᠨᠢ ᠳᠠᠢ᠌ᠮᠤ ᠰᠢᠭ᠌《ᠶᠠᠩᠵᠤ》 ᠲᠡᠶ ᠪᠠᠢ᠌ᠭᠠᠤᠨ ᠪᠠᠢ᠌ᠪᠠᠯ ᠭᠡᠨ ᠨᠢ ᠴᠢᠮ᠎ᠠ ᠳᠤ ᠭᠡᠦᠭᠡᠤᠨ ᠶᠢᠡᠨ ᠦᠭᠭᠦ ᠪᠣᠢ᠂ ᠪᠠᠢ᠌ᠰᠢᠩ ᠨᠢ ᠮᠠᠭᠤ ᠴᠤ ᠭᠡᠰᠡᠨ ᠣᠢ᠌ᠷᠠᠬᠠᠨ ᠪᠠᠢ᠌ᠭ᠎ᠠ ᠰᠤᠷᠭᠠᠭᠤᠯᠢ ᠳᠤ ᠦᠭᠭᠦ ᠶᠤᠮ᠃ ᠭᠢᠳᠠᠤᠨ ᠭᠠᠵᠠᠷ ᠭᠠᠭᠴᠠᠬᠠᠨ ᠳᠠᠰᠤᠯᠭ᠎ᠠ ᠡᠪᠳᠡᠷᠭᠡᠢ ᠬᠠᠭᠤᠴᠢᠨ ᠪᠠᠢ᠌ᠰᠢᠩ ᠲᠡᠶ᠂ ᠭᠠᠭᠴᠠ ᠪᠠᠭᠰᠢ ᠲᠡᠶ ᠰᠤᠷᠭᠠᠭᠤᠯᠢ ᠪᠠᠢ᠌ᠵᠤ ᠯᠠ ᠪᠠᠢ᠌ᠨ᠎ᠠ᠃ ᠮᠤᠩᠭ᠋ᠤᠯ ᠭᠠᠵᠠᠷ ᠴᠤ ᠪᠠᠢ᠌ᠵᠤ ᠪᠣᠯᠬᠤ ᠮᠥᠷᠳᠡᠭᠡᠨ ᠮᠦᠨ ᠪᠠᠢ᠌ᠵᠤ ᠪᠠᠢ᠌ᠨ᠎ᠠ᠃ ᠠᠵᠢᠯ ᠤᠨ ᠴᠢᠨᠠᠷ ᠨᠢ ᠬᠤᠳᠠ ᠶᠢᠨ ᠰᠤᠷᠭᠠᠭᠤᠯᠢ ᠡᠴᠡ ᠥᠯᠡᠭᠦ ᠦᠭᠡᠶ ᠴᠤ ᠳᠤᠳᠠᠬᠤ ᠦᠭᠡᠶ ᠨᠢ ᠪᠣᠢ ᠵᠥ᠋᠃ ᠮᠠᠯᠴᠢᠳ ᠤᠨ ᠨᠢᠳᠤᠨ ᠳᠤ ᠨᠢ ᠥᠵᠡᠭᠦᠯᠭᠦ ᠶᠠᠭᠤᠮ᠎ᠠ ᠭᠡᠷᠡᠭ᠍ᠳᠡᠢ》 ᠭᠡᠵᠤ ᠶᠠᠩ ᠵᠢᠢ ᠭᠤᠤ ᠨᠥᠭᠦᠷ ᠭᠡᠯᠡᠭ᠍ᠰᠡᠨ ᠨᠢ ᠭᠠᠭᠴᠠ ᠣᠨᠤᠭᠰᠠᠨ ᠥᠭᠡ᠃
ᠰᠠᠭᠤᠷᠢ ᠰᠤᠷᠭᠠᠨ ᠭᠦᠮᠦᠵᠢᠯ ᠢ ᠳᠦᠭᠡᠮᠡᠯᠵᠢᠭᠦᠯᠭᠦ ᠠᠵᠢᠯ ᠤᠨ ᠳᠠᠯ᠎ᠠ ᠳᠤ ᠶᠠᠩ ᠵᠢᠢ ᠭᠤᠤ ᠶᠢᠨ ᠭᠡᠯᠡᠭ᠍ᠰᠡᠨ ᠭᠢᠭ᠍ᠰᠡᠨ ᠨᠢ ᠮᠠᠰᠢ ᠵᠣᠢ᠌ᠳᠠᠢ᠃ ᠮᠠᠨ ᠤ ᠵᠠᠷᠢᠮ ᠭᠦᠮᠤᠨ ᠣᠷᠤᠨ ᠨᠤᠳᠤᠭ ᠤᠨ ᠶᠢᠡᠨ ᠪᠠᠢ᠌ᠳᠠᠯ ᠢ ᠦᠯᠦ ᠬᠠᠢ᠌ᠬᠤᠷᠤᠨ᠂ ᠣᠳᠤᠷᠢᠳᠤᠯᠭ᠎ᠠ ᠶᠢᠨ ᠶᠢᠡᠨ ᠰᠠᠨᠠᠭ᠎ᠠ ᠪᠠᠷ ᠪᠣᠰᠤᠳ ᠤᠨ ᠠᠷᠭ᠎ᠠ ᠮᠠᠶᠢᠭ᠂ ᠪᠠᠷᠢᠮᠵᠢᠶ᠎ᠠ ᠭᠡᠮᠵᠢᠶ᠎ᠡ ᠶᠢ ᠠᠪᠴᠢᠷᠠᠨ ᠦᠪᠡᠷ ᠤᠨ ᠠᠵᠢᠯ ᠳᠡᠭᠡᠷ᠎ᠡ ᠪᠠᠨ ᠠᠯᠪᠠ ᠪᠠᠷ ᠳᠤᠬᠤᠵᠤ ᠳᠠᠯᠪᠢᠭᠠᠤᠨ᠂ ᠪᠣᠳᠠᠳᠤ ᠪᠠᠢ᠌ᠳᠠᠯ ᠡᠴᠡ ᠰᠠᠯᠤᠭᠰᠠᠨ ᠰᠠᠢᠤᠠᠪᠣᠷᠢ ᠳᠤᠭᠳᠠᠭᠠᠯ ᠭᠠᠷᠭᠠᠨ᠎ᠠ᠃ ᠡᠨᠡ ᠨᠢ ᠪᠠᠯᠪᠠ ᠵᠠᠭᠢᠷᠤᠨ ᠴᠠᠴᠤᠭᠤᠯᠵᠤ ᠴᠠᠪᠴᠢᠳᠠᠭ (一刀切) ᠪᠦᠳᠦᠭᠦᠯᠢᠭ᠌ ᠣᠳᠤᠷᠢᠳᠤᠯᠭ᠎ᠠ ᠶᠢᠨ ᠠᠷᠭ᠎ᠠ ᠲᠡᠶ ᠶᠠᠮᠠᠷ ᠢᠯᠭᠠᠭ᠎ᠠ ᠪᠠᠢ᠌ᠬᠤ ᠪᠣᠢ︖ ᠮᠠᠷᠺᠰ ᠤᠨ ᠦᠵᠡᠯ ᠢ ᠭᠦᠷᠳᠡᠯ᠎ᠡ ᠳᠤᠮᠳᠠᠳᠤ ᠣᠯᠤᠰ ᠤᠨ ᠪᠠᠢ᠌ᠳᠠᠯ ᠲᠡᠶ ᠠᠮᠢᠳᠤᠯᠢᠭ ᠶᠢᠡᠷ ᠣᠶᠠᠯᠳᠤᠭᠤᠯᠤᠭᠠᠤᠨ ᠪᠣᠯᠵᠤ ᠪᠠᠢ᠌ᠬᠤ ᠳᠤ᠂ ᠮᠠᠨᠠᠢ᠌ᠭᠢᠰ ᠶᠠᠭᠠᠭᠢᠭᠠᠤᠨ ᠠᠵᠢᠯ ᠤᠨ ᠠᠷᠭ᠎ᠠ ᠳᠡᠭᠡᠷ᠎ᠡ ᠪᠠᠨ ᠪᠣᠰᠤᠳ ᠤᠨ ᠳᠡᠭᠡᠰᠤᠨ ᠳᠤ ᠣᠶᠠᠭᠳᠠᠭᠠᠤᠨ ᠪᠠᠢ᠌ᠳᠠᠭ ᠶᠤᠮ ᠪᠣᠯ︖ ᠦᠨᠡᠨ ᠳᠡᠭᠡᠨ ᠨᠢᠭᠡ ᠯᠠ ᠴᠠᠭ ᠤᠨ ᠬᠠᠯᠠᠮᠰᠢᠯ ᠶᠢᠡᠷ ᠰᠤᠷᠭᠠᠭᠤᠯᠢ ᠶᠢ ᠨᠡᠢ᠌ᠯᠡᠭᠦᠯᠭᠦ ᠰᠠᠯᠭᠢ ᠮᠠᠨ ᠤ ᠡ᠊ᠨᠳᠡ ᠯᠠ ᠳᠡᠭ᠍ᠳᠡᠵᠤ ᠥᠩᠭᠡᠷᠡᠭ᠍ᠰᠡᠨ ᠪᠢᠰᠢ᠃ ᠭᠡᠳᠡᠯ᠎ᠡ ᠵᠠᠷᠢᠮ ᠭᠠᠵᠠᠷ ᠤᠨ ᠮᠠᠯᠴᠢᠳ᠂ ᠳᠠᠷᠢᠶᠠᠴᠢᠳ ᠪᠣᠳᠠᠳᠤ ᠪᠠᠢ᠌ᠳᠠᠯ ᠶᠢᠡᠨ ᠦᠨᠳᠦᠰᠦᠯᠠᠨ ᠰᠠᠨᠠᠯ ᠶᠢᠡᠨ ᠨᠢᠭᠡᠳᠭᠡᠵᠤ᠂ ᠨᠢᠭᠡ ᠴᠤ ᠭᠡᠦᠭᠡᠤᠨ ᠶᠢᠡᠨ ᠬᠤᠰᠢᠭᠤ ᠰᠢᠶᠠᠨ ᠳᠡᠭᠡᠷ᠎ᠡ ᠭᠦᠷᠭᠡᠭ᠍ᠰᠡᠨ ᠦᠭᠡᠶ ᠳᠤᠯᠠ ᠰᠤᠷᠭᠠᠭᠤᠯᠢ ᠶᠢ ᠨᠢ ᠰᠤᠮᠤ ᠭᠠᠴᠠᠭᠠᠨ ᠳᠡᠭᠡᠷ᠎ᠡ ᠪᠣᠴᠠᠭᠠᠵᠤ ᠪᠠᠢ᠌ᠭᠤᠯᠤᠭᠰᠠᠨ ᠪᠠᠢ᠌ᠨ᠎ᠠ᠃ ᠣᠯᠤᠰ ᠲᠦᠷᠦ ᠶᠢᠨ ᠭᠦᠳᠡᠯᠭᠡᠭᠡᠨ ᠤ ᠰᠢᠠᠵᠢ ᠲᠡᠶ ᠲᠦᠷ ᠴᠠᠭ ᠤᠨ ᠬᠠᠯᠠᠮᠰᠢᠯ ᠮᠠᠨ ᠤ ᠣᠯᠤᠰ ᠲᠤ ᠪᠠᠢ᠌ᠨ ᠪᠠᠢ᠌ᠨ ᠳᠡᠭ᠍ᠳᠡᠵᠤ ᠠᠪᠳᠠᠭ ᠶᠢᠡᠨ ᠪᠢᠳᠠ ᠶᠠᠮᠠᠷ ᠮᠡᠳᠡᠭᠦ ᠦᠭᠡᠶ ᠴᠤ ᠪᠢᠰᠢ᠂ ᠰᠤᠷᠭᠠᠭᠤᠯᠢ ᠨᠡᠢ᠌ᠯᠡᠭᠦᠯᠭᠦ ᠬᠠᠯᠠᠮᠰᠢᠯ ᠪᠣᠯ ᠡᠭᠦᠨ ᠤ ᠨᠢᠭᠡ᠃ ᠡᠷᠭᠢᠭᠡᠤᠨ ᠦᠵᠡᠪᠠᠯ ᠣᠯᠢᠭ ᠳᠤᠯᠢᠭ᠃ ᠣᠷᠢᠳᠠᠪᠠᠷ ᠡᠪᠳᠡᠭᠡᠤᠨ ᠳᠠᠭᠢᠭᠠᠤᠨ ᠵᠥᠪᠳᠡᠭᠡᠳᠡᠭ᠌ ᠨᠢ《ᠮᠠᠨ ᠤ ᠮᠠᠶᠢᠭ ᠤᠨ ᠣᠠᠴᠠᠯᠢᠭ》 ︕
ᠶᠠᠩ ᠵᠢᠢ ᠭᠤᠤ ᠨᠥᠭᠦᠷ ᠣᠳᠤ ᠰᠤᠷᠭᠠᠭᠤᠯᠢ ᠶᠢᠨ ᠬᠠᠮᠢᠶᠠᠷᠤᠯᠳᠠ ᠶᠢᠨ ᠠᠵᠢᠯ ᠶᠢᠡᠨ ᠪᠣᠰᠤᠳ ᠲᠠᠭᠠᠨ ᠰᠢᠯᠵᠢᠭᠦᠯᠵᠤ ᠦᠭᠭᠦᠭᠡᠤᠨ ᠠᠷᠤ ᠳᠠᠯ᠎ᠠ ᠶᠢᠨ ᠥᠢᠯᠡᠴᠢᠯᠡᠭᠡᠨ ᠤ ᠠᠵᠢᠯ ᠢ ᠶᠡᠷᠦᠩᠭᠡᠢ᠌ᠯᠡᠨ ᠬᠠᠮᠢᠶᠠᠷᠬᠤ ᠶᠢᠨ ᠳᠠᠭᠠᠤ ᠭᠢᠴᠢᠶᠠᠯ ᠶᠢᠡᠨ ᠣᠷᠤᠭᠰᠠᠭᠠᠷ ᠪᠠᠢ᠌ᠨ᠎ᠠ᠃ ᠬᠤᠶᠠᠷ ᠳᠠᠯ᠎ᠠ ᠳᠤ ᠶᠠᠭᠠᠷᠠᠬᠤ ᠶᠢ ᠳᠠᠭᠠᠯᠳᠤᠨ ᠠᠵᠢᠯ ᠤᠨ ᠴᠠᠭ ᠣᠯᠠᠮ ᠶᠡᠭᠡᠳᠦᠵᠤ᠂ ᠭᠡᠷ ᠤᠨ ᠠᠵᠢᠯ ᠰᠠᠭᠠᠳᠠᠨ᠂ ᠠᠮᠠᠷᠠᠯᠳᠠ ᠶᠢᠨ ᠴᠠᠭ ᠭᠡᠴᠡᠭᠦᠳᠡᠵᠤ ᠪᠠᠢ᠌ᠨ᠎ᠠ᠃ ᠦᠨᠳᠦᠰᠦᠳᠠᠨ ᠤ ᠰᠠᠭᠤᠷᠢ ᠰᠤᠷᠭᠠᠨ ᠭᠦᠮᠦᠵᠢᠯ ᠤᠨ ᠰᠢᠯᠢᠳᠡᠭ᠌ ᠠᠵᠢᠯᠳᠠᠨ᠂ ᠡᠪ ᠬᠠᠮᠳᠤ ᠨᠠᠮ ᠤᠨ ᠭᠡᠰᠢᠭᠦᠨ ᠶᠠᠩ ᠵᠢᠢ ᠭᠤᠤ ᠨᠥᠭᠦᠷ ᠣᠯᠠᠨ ᠣᠳᠠᠭᠠᠨ ᠤ ᠱᠠᠩᠨᠠᠯ ᠭᠦᠭᠢᠭᠦᠯᠦᠯ ᠢ ᠭᠦᠷᠳᠡᠵᠤ ᠶᠠᠪᠣᠭᠰᠠᠨ ᠪᠣᠯᠪᠠᠴᠤ᠂ ᠣᠢ᠌ᠯᠠ ᠠᠵᠢᠯᠯᠠᠭ᠎ᠠ ᠶᠢ ᠨᠢ ᠰᠤᠷᠠᠵᠤ ᠰᠤᠷᠪᠣᠯᠵᠢᠯᠠᠵᠤ ᠨᠠᠢ᠌ᠳᠠᠯᠠᠵᠤ ᠰᠤᠷᠳᠠᠯᠴᠢᠯᠠᠭᠰᠠᠨ ᠭᠦᠮᠤᠨ ᠦᠭᠡᠶ᠃
ᠳᠦᠴᠢᠭᠡᠤᠨ ᠨᠠᠰᠤᠨ ᠤ ᠨᠠᠮᠬᠠᠨ ᠪᠣᠷᠤ ᠡᠪᠦᠭᠡᠨ᠂ ᠥᠭᠡ ᠴᠥᠭᠡᠨ᠂ ᠪᠣᠳᠤᠯ ᠭᠦᠨ᠂ ᠣᠢ᠌ᠯᠠ ᠠᠵᠢᠯ ᠳᠤ ᠪᠠᠨ ᠵᠠᠭᠤᠳᠠᠯ ᠬᠠᠳᠠᠭᠤ ᠶᠢᠨ ᠰᠢᠠᠵᠢ ᠲᠡᠶ᠂ ᠵᠠᠪᠠᠵᠢ ᠪᠠᠷ ᠶᠢᠡᠨ ᠦᠯᠦ ᠮᠡᠳᠡᠭ᠌ ᠢᠨᠢᠶᠡᠮᠰᠦᠭᠯᠡᠴᠢᠭᠡᠤᠨ ᠶᠠᠪᠣᠳᠠᠬ ᠡᠨᠡᠭᠦ ᠠᠷᠠᠤᠨ ᠤᠨ ᠪᠠᠭᠰᠢ᠂ ᠭᠡᠭᠡᠪᠴᠢ ᠪᠠᠷ《ᠭᠠᠳᠠᠨ᠎ᠠ ᠶᠢᠨ ᠶᠢᠷᠳᠢᠠᠴᠤ》 ᠵᠢ ᠬᠠᠷᠠᠨ ᠬᠠᠷᠠᠨ᠂ ᠪᠠᠷᠠᠭᠤᠨ ᠭᠠᠷ ᠤᠨ ᠳᠤᠮᠳᠠ ᠬᠤᠷᠤᠭᠤ ᠪᠠᠷ ᠰᠢᠷᠡᠭᠡ ᠪᠠᠨ ᠳᠤᠭᠰᠢᠨ ᠳᠤᠭᠰᠢᠨ ᠪᠠᠢ᠌ᠭᠰᠠᠨ ᠶᠢᠡᠨ᠂ ᠬᠠᠵᠠᠭᠤ ᠡᠴᠡ ᠪᠠᠨ ᠪᠣᠭᠴᠤ ᠪᠠᠨ ᠠᠪᠣᠭᠠᠤᠨ ᠪᠣᠰᠪᠠ᠃
ᠵᠤᠬᠢᠶᠠᠭᠴᠢ᠄ ᠴᠡᠪᠰᠢᠭ᠌
ᠢᠷᠡᠯᠲᠡ᠄ ᠬᠦᠬᠡᠨᠠᠭᠤᠷ ᠤᠨ ᠨᠠᠷᠠᠨᠴᠡᠴᠡᠭ ᠬᠠᠩᠭᠠᠪᠠ
ᠬᠠᠷᠢᠶ᠎ᠠ᠄
ᠥᠭᠥᠯᠡᠯ ᠰᠢᠭᠦᠮᠵᠢᠳᠠᠷᠤᠮ᠄ 10214
ᠴᠠᠭ᠄ 2006 ᠤᠨ ᠤ 08 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ