ᠨᠡᠪᠲᠡᠷᠡᠨ ᠤᠷᠤᠬᠤ
ᠳᠠᠴᠢᠶᠠᠯ ᠦᠭᠡᠶ ᠵᠠᠯᠠᠭᠤ ᠨᠠᠰᠤ

ᠳᠠᠴᠢᠶᠠᠯ ᠵᠠᠯᠠᠭᠤ ᠨᠠᠰᠤᠨ ᠳᠤ ᠦᠭᠡᠶ ᠭᠡᠵᠤ

ᠳᠠ ᠪᠢᠳᠠ ᠢᠳᠡᠭᠡᠳᠡᠭ᠌ ᠤᠤ

ᠪᠠᠢ᠌ᠭᠠᠯᠢ ᠡᠭᠡ ᠭᠦᠮᠤᠨ ᠳᠤ ᠡᠷ᠎ᠡ ᠡᠮ᠎ᠡ ᠭᠦᠢᠰᠤ ᠰᠤᠶᠤᠷᠬᠠᠪᠠ

ᠭᠦᠮᠤᠨ ᠪᠠᠢ᠌ᠭᠠᠯᠢ ᠳᠤ ᠪᠠᠢ᠌ᠭᠠᠯᠢ ᠡᠴᠠ ᠨᠡᠢ᠌ᠭᠡᠮ ᠪᠣᠯᠵᠠᠢ

ᠬᠠᠢ᠌ᠷ᠎ᠠ ᠳᠠᠴᠢᠶᠠᠯ ᠶᠢᠡᠷ ᠣᠮᠳᠠᠯᠠᠵᠤ

ᠵᠠᠯᠠᠭᠤ ᠨᠠᠰᠤ ᠬᠤᠷᠸ᠎ᠠ ᠶᠢᠨ ᠪᠣᠭᠤᠷᠤᠯ ᠢ ᠳᠠᠮᠠᠤᠯᠠᠨ᠎ᠠ

ᠳᠡᠭᠡᠭᠡᠳ ᠳᠡᠯᠡᠭᠡᠢ ᠨᠢᠭᠡ ᠡᠷᠭᠢᠳᠡᠭ᠌ ᠶᠤᠮ

ᠳᠠᠩᠭᠢᠯ ᠵᠠᠯᠠᠭᠤ ᠨᠠᠰᠤ ᠳᠠᠴᠢᠶᠠᠯ ᠦᠭᠡᠶ ᠪᠣᠯᠤᠭᠠᠤᠨ

ᠳᠠᠷᠢᠭᠢ ᠳᠡᠨᠡᠭ᠌ ᠣᠬᠠᠭᠠᠨ ᠪᠢᠳᠠᠭᠤ ᠨᠢᠭᠡ ᠭᠦᠮᠤᠨ ᠨᠡᠮᠡᠭ᠍ᠳᠡᠨ᠎ᠡ

ᠵᠠᠯᠠᠭᠤ ᠨᠠᠰᠤ ᠳᠠᠴᠢᠶᠠᠯ ᠶᠢᠡᠷ ᠬᠤᠮᠰᠠᠳᠠᠵᠤ

ᠨᠡᠢ᠌ᠭᠡᠮ ᠪᠠᠢ᠌ᠭᠠᠯᠢ ᠡᠴᠠ ᠦᠨᠦᠴᠢᠷᠠᠪᠠ

ᠨᠡᠢ᠌ᠭᠡᠮ ᠳᠤ ᠭᠦᠮᠤᠨ ᠪᠠᠢ᠌ᠭᠠᠯᠢ ᠪᠣᠯᠵᠤ

ᠪᠠᠢ᠌ᠭᠠᠯᠢ ᠳᠤ ᠭᠦᠮᠤᠨ ᠨᠡᠢ᠌ᠭᠡᠮ ᠪᠣᠯᠵᠤ ᠪᠠᠢ᠌ᠨ᠎ᠠ

ᠪᠦᠮᠪᠦᠷᠴᠡᠭ᠌ ᠵᠤᠭᠤᠰ ᠡᠷᠭᠡ ᠪᠠᠷ ᠳᠡᠩᠭᠡᠯᠢᠭ᠌ ᠭᠢᠵᠤ

ᠭᠦᠮᠤᠨ ᠴᠢᠨᠠᠷ ᠪᠠ ᠵᠤᠭᠰᠤᠩᠭ᠋ᠣᠢ᠌ᠷᠠᠭᠰᠠᠨ ᠵᠠᠯᠠᠭᠤ ᠨᠠᠰᠤ

ᠬᠠᠢ᠌ᠷ᠎ᠠ ᠳᠠᠴᠢᠶᠠᠯ ᠢ ᠥᠨᠦᠴᠢᠷᠡᠭᠦᠯᠪᠡ

ᠵᠠᠯᠠᠭᠤ ᠨᠠᠰᠤ ᠳᠠᠴᠢᠶᠠᠯ ᠬᠠᠢ᠌ᠷ᠎ᠠ ᠪᠠᠷ ᠳᠤᠳᠠᠭᠳᠠᠵᠤ

ᠭᠢᠳᠠᠯ ᠣᠯᠵᠤ ᠪᠠᠢ᠌ᠭᠠᠯᠢ ᠡᠴᠠ ᠰᠠᠬᠠᠯ ᠨᠢᠭᠡ ᠶᠢ ᠠᠪᠴᠠᠢ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤ

ᠵᠤᠬᠢᠶᠠᠭᠴᠢ᠄ ᠪᠣᠷᠵᠢᠭᠢᠨ ᠪᠠᠶᠠᠨ ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2641
ᠴᠠᠭ᠄ 2011 ᠤᠨ ᠤ 06 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ