☆ ᠷᠤᠯᠮᠠᠵᠠᠪ
ᠪᠠᠶᠠᠷᠳᠠᠢ
ᠰᠡᠳᠭᠢᠯ ᠤᠨ ᠵᠢᠯᠤᠭᠤ ᠵᠠᠳᠠᠭᠠᠢ᠌ᠷᠠᠨᠠᠮ
ᠰᠠᠢ᠌ᠬᠠᠨ ᠤ ᠲᠦᠯᠦᠭᠡ ᠳᠦᠭᠡᠷᠢᠨᠡᠮ
ᠭᠤᠸ᠎ᠠ ᠰᠠᠢ᠌ᠬᠠᠨ ᠣᠯᠠᠨ ᠴᠤ ᠭᠡᠯᠡ
ᠭᠤᠶᠤ ᠮᠡᠭᠡᠯᠡᠯ ᠰᠠᠢ᠌ᠬᠠᠨ ᠴᠤ ᠭᠡᠯᠡ
ᠰᠢᠯᠦᠭ᠌ ᠤᠨ ᠣᠷᠮ᠎ᠠ ᠳᠤᠷᠭᠢᠨᠠ ᠴᠤ ᠭᠡᠯᠡ
ᠰᠡᠮᠭᠡᠨ ᠭᠤᠨᠢᠭ ᠳᠠᠭᠠᠯᠴᠠᠨᠠ ᠴᠤ ᠭᠡᠯᠡ
ᠭᠡᠢ᠌ᠷᠭᠡᠯ ᠤᠨ ᠳᠦᠷᠦᠭᠡᠨ ᠳᠤ ᠭᠦᠯ ᠠᠯᠳᠠᠭᠤᠷᠠᠨᠠᠮ
ᠭᠡᠵᠢᠶ᠎ᠠ ᠴᠤ ᠨᠠᠳᠠ ᠳᠤ ᠪᠢᠰᠢ ᠬᠠᠢ᠌ᠷ᠎ᠠ ᠳᠤ ᠰᠤᠭᠳᠤᠭᠤᠷᠠᠨᠠᠮ᠃
ᠣᠵᠤᠭᠤᠷ ᠡᠷᠳᠡᠨ ᠤ ᠠᠷᠠᠤᠨ ᠤᠨ ᠳᠠᠭᠤᠤ ᠮᠠᠳᠤ
ᠣᠶᠠᠨ ᠳᠠᠩᠭᠢᠯ ᠠᠭᠠᠰᠢ ᠴᠢᠨᠢ
ᠣᠷᠮᠠᠰᠢᠭᠤᠯᠵᠤ ᠵᠡᠭᠦᠳᠦᠯᠡᠭᠦᠯᠵᠤ ᠴᠢᠳᠠᠭᠰᠠᠨ
ᠣᠷᠠᠨ ᠮᠤᠩᠭ᠋ᠤᠯ ᠵᠢᠰᠤ ᠴᠢᠨᠢ
ᠦᠨᠦᠰᠤᠶ᠎ᠠ ᠭᠡᠰᠡᠨ ᠣᠷᠤᠭᠤᠯ ᠴᠢᠨᠢ
ᠦᠭᠭᠦᠶ᠎ᠡ ᠭᠡᠰᠡᠨ ᠵᠢᠷᠦᠭᠡ ᠴᠢᠨᠢ
ᠦᠨᠦᠴᠢᠨ ᠰᠡᠳᠭᠢᠯ ᠢ ᠮᠢᠨᠢ ᠣᠷᠭᠢᠭᠠᠤᠨ
ᠥᠭᠡᠷ᠎ᠡ ᠵᠥᠭ᠌ ᠲᠤ ᠶᠠᠪᠣᠵᠠᠢ
ᠦᠨᠡᠠᠴᠢ ᠥᠯᠡᠳᠡᠭ᠍ᠰᠡᠨ ᠪᠢ
ᠥᠯᠡᠭᠦᠤ ᠳᠤᠭᠳᠤᠯᠠᠭᠰᠠᠨ ᠶᠢᠡᠨ ᠮᠠᠳᠠᠵᠠᠢ᠂
ᠬᠠᠯᠳᠠᠷ ᠰᠢᠯᠦᠭ᠌ ᠡᠴᠡ ᠥᠭᠡᠷ᠎ᠡ
ᠬᠠᠨᠢ ᠥᠯᠡᠳᠡᠭᠡᠭ᠍ᠰᠡᠨ ᠥᠭᠡᠢ
ᠬᠠᠷᠢᠨ ᠴᠢᠮ᠎ᠠ ᠳᠤ ᠪᠢᠴᠢᠭ᠍ᠰᠡᠨ ᠰᠢᠯᠦᠭ᠌ ᠵᠢᠠᠨ
ᠦᠪᠡᠷ ᠶᠢᠡᠨ ᠪᠢ ᠣᠩᠰᠢᠨᠠᠮ
ᠬᠠᠢ᠌ᠷ᠎ᠠ ᠭᠡᠳᠡᠭ᠌ ᠬᠠᠭᠤᠷᠮᠠᠴᠢ ᠭᠡᠵᠤ
ᠢᠳᠡᠭᠡᠵᠤ ᠴᠢᠳᠠᠬᠤ ᠦᠭᠡᠶ ᠯᠠ ᠪᠠᠢ᠌ᠨ᠎ᠠ ᠪᠢ
ᠵᠤᠬᠢᠶᠠᠭᠴᠢ ᠶᠢᠨ ᠬᠠᠶᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ
ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄
ᠰᠢᠯᠦᠭᠳᠠᠷᠤᠮ᠄ 2642
ᠴᠠᠭ᠄ 2010 ᠤᠨ ᠤ 04 ᠰᠠᠷ᠎ᠠ ᠶᠢᠨ 03
ᠨᠠᠢ᠌ᠷᠠᠭᠤᠯᠤᠭᠴᠢ᠄ ᠪᠦᠬᠡᠡᠷᠳᠡᠨᠢ