☆ ᠰᠡᠴᠡᠡᠪᠢᠯᠢᠭ᠌
ᠴᠢᠩᠭᠢᠰ ᠬᠠᠭᠠᠨ ᠤ ᠣᠩᠭ᠋ᠤᠨ ᠤ ᠰᠦᠯᠳᠡ ᠶᠢᠨ ᠮᠠᠠᠳᠤᠯ
ᠰᠦᠯᠳᠡ ᠶᠢᠨ ᠮᠠᠠᠳᠤᠯ ᠪᠣᠯ ᠴᠢᠩᠭᠢᠰ ᠬᠠᠭᠠᠨ ᠤ ᠰᠦᠯᠳᠡ (ᠳᠠᠯᠪᠠᠭ᠎ᠠ) ᠵᠢ ᠣᠷᠤᠰᠢᠭᠤᠯᠤᠨ ᠳᠠᠭᠢᠭᠰᠠᠨ ᠣᠷᠤᠨ᠃ ᠴᠢᠩᠭᠢᠰ ᠬᠠᠭᠠᠨ ᠤ ᠬᠠᠷ᠎ᠠ ᠰᠦᠯᠳᠡ (ᠬᠠᠷ᠎ᠠ ᠳᠠᠯᠪᠠᠭ᠎ᠠ) ᠪᠣᠯ ᠭᠤᠤᠯ ᠰᠦᠯᠳᠡ ᠪᠣᠯᠤᠨ ᠳᠦᠷᠪᠡᠨ ᠡᠯᠴᠢ ᠰᠦᠯᠳᠡ ᠪᠠᠷ ᠪᠦᠷᠢᠯᠳᠦᠵᠡᠢ᠃ ᠡᠢ᠌ᠨ ᠭᠦ ᠪᠠᠰᠠ 《ᠳᠦᠷᠪᠡᠨ ᠭᠦᠯᠳᠤ ᠬᠠᠷ᠎ᠠ ᠰᠦᠯᠳᠡ》 ᠭᠡᠮᠡᠳᠡᠭ᠌᠃ ᠰᠦᠯᠳᠡ ᠶᠢᠨ ᠮᠠᠠᠳᠤᠯ ᠳᠤ ᠪᠣᠰᠤᠭ᠎ᠠ ᠭᠡᠢ᠌ᠮᠦᠷᠢ ᠲᠡᠶ ᠭᠢᠯᠠᠯᠵᠠᠭᠠ ᠢᠯᠠᠭᠤᠭᠰᠠᠨ ᠰᠦᠯᠳᠡ ᠳᠤ ᠶᠠᠷ᠎ᠠ ᠶᠢᠰᠤᠨ ᠠᠵᠢᠷᠭ᠎ᠠ ᠶᠢᠨ ᠣᠩᠭ᠋ᠤᠨ ᠳᠠᠯ ᠶᠢᠡᠷ ᠭᠦᠭᠦᠯ ᠭᠢᠭ᠍ᠰᠡᠨ ᠪᠠᠢ᠌ᠳᠠᠭ᠃ ᠡᠨᠡ ᠨᠢ ᠰᠠᠯᠭᠢᠨ ᠤ ᠠᠶᠠᠰ ᠶᠢᠡᠷ ᠨᠠᠮᠢᠷᠠᠨ᠂ ᠴᠢᠩᠭᠢᠰ ᠬᠠᠭᠠᠨ ᠤ ᠳᠡᠯᠡᠭᠡᠢ ᠶᠢ ᠳᠤᠩᠰᠤᠯᠭᠠᠭᠰᠠᠨ ᠪᠠᠭᠠᠳᠤᠷ ᠰᠦᠷ ᠢ ᠭᠠᠢ᠌ᠬᠠᠭᠤᠯᠵᠤ ᠪᠠᠢ᠌ᠬᠤ ᠮᠠᠳᠤ ᠠᠵᠢ᠁
ᠬᠠᠷ᠎ᠠ ᠰᠦᠯᠳᠡ ᠪᠣᠯ ᠴᠢᠩᠭᠢᠰ ᠬᠠᠭᠠᠨ ᠤ ᠬᠠᠠᠳᠤᠭᠰᠠᠨ ᠵᠥᠭ᠌ ᠲᠤ ᠳᠠᠢ᠌ᠰᠤᠨ ᠦᠭᠡᠶ ᠪᠠᠢ᠌ᠳᠠᠭ ᠤᠨ ᠳᠠᠢ᠌ᠨ ᠤ ᠰᠠᠭᠢᠭᠤᠰᠤ᠂ ᠴᠢᠩᠭᠢᠰ ᠬᠠᠭᠠᠨ ᠤ ᠡᠷᠡᠯᠭᠡᠭ᠌ ᠵᠤᠷᠢᠭ ᠤᠨ ᠪᠠᠯᠭᠡ ᠳᠡᠮᠳᠡᠭ᠌᠂ ᠠᠯᠢᠪᠠ ᠭᠠᠵᠢᠭᠤ ᠮᠠᠭᠤᠬᠠᠢ ᠶᠢ ᠢᠯᠠᠭᠰᠠᠨ ᠤ ᠪᠠᠯᠭᠡ ᠳᠡᠮᠳᠡᠭ᠌᠂ ᠮᠦᠨ ᠴᠤ ᠡᠩᠭᠡ ᠳᠠᠢ᠌ᠪᠣᠩ ᠦᠯᠵᠡᠢ ᠪᠠᠯᠡᠭ᠌ ᠲᠡᠶ ᠣᠷᠤᠰᠢᠬᠤ ᠶᠢᠨ ᠪᠠᠯᠭᠡ ᠳᠡᠮᠳᠡᠭ᠌᠃ ᠴᠢᠩᠭᠢᠰ ᠬᠠᠭᠠᠨ ᠤ ᠬᠠᠷ᠎ᠠ ᠰᠦᠯᠳᠡ ᠶᠢᠨ ᠳᠤᠬᠠᠢ ᠲᠡᠶ ᠳᠤᠮᠤᠭ ᠲᠤ 《ᠴᠢᠩᠭᠢᠰ ᠬᠠᠭᠠᠨ ᠨᠢᠭᠡᠨ ᠣᠳᠠᠭᠠᠨ ᠤ ᠳᠠᠢ᠌ᠨ ᠳᠤ ᠢᠯᠠᠭᠳᠠᠵᠤ᠂ ᠠᠷᠭ᠎ᠠ ᠦᠭᠡᠶ ᠮᠤᠷᠢᠨ ᠤ ᠪᠠᠨ ᠡᠮᠡᠭᠡᠯ ᠢ ᠠᠪᠴᠤ ᠳᠡᠭᠡᠭ᠍ᠰᠢ ᠬᠠᠠᠳᠤᠭᠤᠯᠤᠨ ᠳᠠᠯᠪᠢᠵᠤ᠂ ᠶᠡᠭᠡ ᠳᠠᠭᠤᠨ ᠶᠢᠡᠷ 〈ᠮᠥᠩᠭᠡ ᠳᠡᠭ᠍ᠷᠢ ᠮᠢᠨᠢ ᠡ︕ ᠨᠠᠳᠠ ᠶᠢ ᠪᠠᠨ ᠲᠡᠳᠬᠦᠵᠤ ᠠᠪᠣᠨ᠎ᠠ ᠦᠦ︖〉 ᠭᠡᠮᠡᠨ ᠭᠦᠭᠡ ᠮᠥᠩᠭᠡ ᠳᠡᠭᠷᠢ ᠳᠤ ᠳᠠᠭᠠᠳᠬᠠᠨ ᠮᠥᠷᠭᠦᠭᠦ ᠳᠤ ᠭᠡᠨᠡᠳᠲᠡ ᠠᠭᠠᠷ ᠳᠡᠭ᠍ᠷᠢ ᠳᠤ ᠮᠠᠰᠢ ᠶᠡᠭᠡ ᠳᠠᠭᠤᠨ ᠭᠠᠷᠴᠤ᠂ ᠬᠠᠨ ᠬᠤᠷᠮᠤᠰᠳᠠ ᠳᠡᠭ᠍ᠷᠢ ᠡᠴᠠ ᠨᠢᠭᠡᠨ ᠣᠩᠭ᠋ᠤᠨ ᠵᠢᠳᠠ ᠱᠠᠩᠰᠢ ᠶᠢᠨ ᠮᠤᠳᠤᠨ ᠳᠡᠭᠡᠷ᠎ᠡ ᠪᠠᠭᠤᠵᠤ ᠢᠷᠠᠵᠠᠢ᠃ ᠴᠢᠩᠭᠢᠰ ᠬᠠᠭᠠᠨ ᠮᠤᠬᠤᠯᠠᠢ ᠶᠢ ᠭᠠᠷᠴᠤ ᠳᠤᠰᠴᠤ ᠠᠪ ᠭᠡᠮᠡᠨ ᠠᠪᠣᠭᠤᠯᠵᠤ᠂ 〈ᠮᠢᠩᠭ᠋ᠠᠨ ᠣᠯᠠᠭ᠎ᠠ ᠪᠠᠵᠠᠭᠠᠵᠤ᠂ ᠲᠦᠮᠡᠨ ᠢᠳᠡᠭᠡ ᠪᠠᠷ ᠳᠠᠭᠢᠰᠤᠭᠠᠢ〉 ᠭᠡᠵᠤ ᠳᠠᠩᠭ᠋ᠠᠷᠢᠭ ᠥᠭ᠍ᠴᠤ᠂ ᠶᠢᠰᠤ ᠶᠢᠰᠤ ᠨᠠᠶᠠᠨ ᠨᠢᠭᠡᠨ ᠭᠡᠭᠡᠷ ᠠᠵᠢᠷᠭ᠎ᠠ ᠶᠢᠨ ᠳᠠᠯ ᠪᠠᠷ ᠭᠦᠭᠦᠯ ᠵᠤᠭᠤᠭᠯᠠᠭᠤᠯᠤᠨ ᠴᠢᠮᠠᠵᠤ᠂ ᠲᠦᠮᠡᠨ ᠢᠳᠡᠭᠡ ᠪᠦᠷᠢᠦᠡᠴᠤ ᠦᠯᠦ ᠠᠮᠵᠢᠬᠤᠯᠠ ᠶᠢᠰᠤ ᠶᠢᠰᠤ ᠨᠠᠶᠠᠨ ᠨᠢᠭᠡᠨ ᠢᠳᠡᠭᠡ ᠪᠠᠷ ᠳᠠᠭᠢᠯᠭ᠎ᠠ ᠡᠷᠭᠦᠵᠤ᠂ ᠥᠯᠡᠳᠡᠭ᠍ᠰᠡᠨ ᠳᠤᠳᠠᠭᠤ ᠳᠤᠭ᠎ᠠ ᠶᠢ ᠮᠠᠨ ᠤ ᠮᠤᠩᠭ᠋ᠤᠯ ᠤᠨ ᠮᠠᠯ ᠰᠥᠷᠦᠭ᠌ ᠡᠴᠠ ᠳᠡᠭ᠍ᠷᠢ ᠶᠢᠨ ᠭᠦᠭᠡ ᠨᠤᠬᠠᠢ ᠴᠢᠨᠢ ᠭᠦᠢᠴᠡᠳᠭᠡᠨ ᠪᠠᠷᠢᠳᠤᠭᠠᠢ ᠭᠡᠮᠡᠨ ᠥᠴᠢᠭ᠌ ᠦᠴᠢᠨ ᠳᠠᠭᠢᠵᠠᠢ᠃ ᠡᠢ᠌ᠨ ᠭᠦ ᠴᠢᠩᠭᠢᠰ ᠬᠠᠭᠠᠨ ᠬᠠᠷ᠎ᠠ ᠰᠦᠯᠳᠡ ᠪᠠᠨ ᠦᠨᠳᠦᠷ ᠡᠷᠭᠦᠵᠤ᠂ ᠡᠮᠤᠨ᠎ᠡ ᠣᠮᠠᠷ᠎ᠠ ᠶᠢ ᠳᠦᠪᠰᠢᠦᠡᠭᠡᠵᠤ᠂ ᠬᠠᠠᠳᠤᠭᠰᠠᠨ ᠵᠥᠭ᠌ ᠳᠤ ᠳᠠᠢ᠌ᠰᠤᠨ ᠦᠭᠡᠶ᠂ ᠢᠯᠠᠯᠳᠠ ᠶᠢᠨ ᠳᠠᠭᠤᠨ ᠶᠢᠡᠨ ᠳᠠᠭᠤᠷᠢᠰᠤᠭᠤᠯᠤᠨ᠂ ᠳᠦᠷᠪᠡᠨ ᠵᠥᠭ᠌ ᠨᠢ᠋ᠮᠠᠨ ᠵᠤᠪᠭᠢᠰ ᠢ ᠳᠠᠢ᠌ᠯᠤᠨ ᠳᠠᠭᠠᠭᠤᠯᠵᠤ ᠶᠠᠪᠣᠭᠰᠠᠨ ᠭᠡᠳᠡᠭ᠌》᠃
ᠡᠨᠡ ᠭᠦ ᠳᠤᠮᠤᠭ ᠨᠢ ᠰᠦᠯᠳᠡ ᠰᠢᠳᠦᠭᠡᠨ ᠤ ᠠᠷᠢᠭᠤᠨ ᠳᠠᠷᠬᠠᠨ᠂ ᠳᠡᠭ᠍ᠷᠢ ᠶᠢᠨ ᠵᠤᠷᠢᠭ ᠢ ᠵᠣᠢ᠌ᠷᠯᠠᠨ ᠢᠯᠡᠳᠭᠡᠵᠡᠢ᠃ ᠴᠢᠩᠭᠢᠰ ᠬᠠᠭᠠᠨ ᠳᠡᠭ᠍ᠷᠢ ᠳᠤ ᠬᠠᠯᠢᠭᠰᠠᠨ᠎ᠠ᠂ ᠳᠡᠭᠦᠨ ᠤ ᠣᠷᠳᠤ ᠶᠢᠨ ᠬᠠᠵᠠᠭᠤ ᠳᠤ ᠰᠦᠯᠳᠡ ᠮᠠᠠᠳᠤᠯ ᠢ ᠴᠤᠭᠴᠠᠯᠠᠨ᠂ ᠡᠳᠦᠷ ᠰᠦᠨᠢ ᠦᠭᠡᠶ ᠰᠠᠭᠢᠨ ᠬᠠᠮᠠᠭᠠᠯᠠᠵᠤ᠂ ᠰᠦᠯᠳᠡ ᠶᠢ ᠦᠨᠢ ᠡᠭᠦᠷᠢᠳᠡ ᠭᠦᠭᠡ ᠮᠥᠩᠭᠡ ᠳᠡᠭ᠍ᠷᠢ ᠳᠤ ᠪᠠᠷᠠᠯᠠᠭᠤᠯᠤᠨ᠂ ᠨᠠᠷᠠᠨ ᠰᠠᠷᠠᠨ ᠲᠡᠶ ᠵᠡᠷᠭᠡᠴᠡᠭᠦᠯᠤᠨ ᠣᠷᠤᠰᠢᠭᠤᠯᠵᠠᠢ᠃
ᠮᠤᠩᠭ᠋ᠤᠯ ᠬᠡ ᠣᠭᠠᠯᠵᠠ ᠶᠢᠨ ᠰᠠᠢ᠌ᠯᠤᠮᠠᠯ ᠲᠡᠶ ᠭᠠᠠᠳᠢᠭ ᠴᠢᠯᠠᠭᠤᠨ ᠮᠠᠠᠳᠤᠯ ᠳᠤ ᠬᠤᠶᠠᠷ ᠮᠸᠲ᠋ᠷ ᠦᠨᠳᠦᠷ ᠨᠢᠭᠡᠨ ᠰᠠᠭᠤᠷᠢ ᠭᠦᠷᠡᠯ ᠰᠦᠮ᠎ᠡ ᠪᠣᠯᠤᠨ ᠳᠠᠭᠢᠯᠭ᠎ᠠ ᠶᠢᠨ ᠰᠢᠷᠡᠭᠡ ᠲᠡᠶ᠂ ᠳᠤᠳᠤᠷ᠎ᠠ ᠨᠢ ᠮᠥᠩᠭᠡ ᠶᠢᠨ ᠵᠤᠯᠠ ᠠᠰᠠᠵᠤ᠂ ᠳᠠᠭᠢᠯᠭ᠎ᠠ ᠶᠢᠨ ᠭᠡᠷᠡᠭ᠍ᠰᠡᠯ ᠢ ᠥᠷᠦᠭ᠍ᠰᠡᠨ ᠪᠠᠢ᠌ᠳᠠᠭ᠃
ᠮᠠᠠᠳᠤᠯ ᠳᠤ ᠳᠦᠷᠪᠡᠨ ᠭᠦᠯᠳᠤ ᠬᠠᠷ᠎ᠠ ᠰᠦᠯᠳᠡ ᠡᠴᠠ ᠥᠭᠡᠷ᠎ᠡ ᠪᠠᠰᠠ ᠶᠡᠭᠡ ᠮᠤᠩᠭ᠋ᠤᠯ ᠣᠯᠤᠰ ᠤᠨ ᠠᠯᠠᠭ ᠰᠦᠯᠳᠡ (ᠠᠯᠠᠭ ᠳᠠᠯᠪᠠᠭ᠎ᠠ) ᠵᠢ ᠡᠷᠭᠡᠰᠢᠭᠦᠯᠤᠨ ᠳᠠᠭᠢᠵᠤ ᠪᠠᠢ᠌ᠳᠠᠭ᠃
ᠰᠦᠯᠳᠡ ᠳᠠᠢ᠌ᠯᠭ᠎ᠠ ᠮᠦᠨ ᠭᠦ ᠨᠢ᠋ᠮᠠᠨ ᠴᠠᠭᠠᠨ ᠣᠷᠳᠤ ᠳᠠᠢ᠌ᠯᠭ᠎ᠠ ᠲᠡᠶ ᠠᠳᠠᠯᠢᠬᠠᠨ ᠣᠷᠳᠤ ᠣᠳᠠᠭᠠᠨ ᠤ ᠳᠡᠦᠭᠡᠨ ᠠᠶᠠᠨ ᠳᠤ ᠪᠦᠷᠢᠨ ᠪᠦᠳᠤᠨ ᠳᠠᠢ᠌ᠯᠭ᠎ᠠ ᠶᠢᠨ ᠶᠤᠰᠤᠯᠠᠯ᠂ ᠳᠦᠷᠢᠮ ᠪᠣᠯᠤᠨ ᠵᠢᠷᠤᠮ ᠲᠡᠶ ᠪᠣᠯᠵᠤ᠂ ᠦᠶ᠎ᠡ ᠣᠯᠠᠷᠢᠨ ᠣᠯᠠᠮᠵᠢᠯᠠᠭᠳᠠᠵᠠᠢ᠃
ᠰᠦᠯᠳᠡ ᠶᠢᠨ ᠮᠠᠠᠳᠤᠯ ᠳᠦᠷᠪᠡᠨ ᠳᠠᠪᠬᠤᠷ ᠳᠠᠢ᠌ᠰᠠ ᠲᠡᠶ᠂ 15.4 ᠮᠸᠲ᠋ᠷ ᠦᠨᠳᠦᠷ᠂ ᠰᠠᠭᠤᠷᠢ ᠶᠢᠨ ᠳ᠋ᠢᠶᠠᠮᠸᠲ᠋ᠷ ᠢᠷᠦᠭᠡᠯᠳᠡᠢ ᠳᠤᠭ᠎ᠠ ᠵᠢᠷᠭᠤᠭ᠎ᠠ ᠶᠢᠰᠤ ᠳᠠᠪᠢᠨ ᠳᠦᠷᠪᠡᠨ ᠮᠸᠲ᠋ᠷ ᠪᠠᠢ᠌ᠳᠠᠭ᠃ ᠰᠦᠯᠳᠡ ᠶᠢᠨ ᠮᠠᠠᠳᠤᠯ ᠤᠨ ᠭᠦᠷᠢᠶ᠎ᠡ ᠣᠯᠠᠭᠠᠨ ᠭᠡᠷᠡᠮ ᠶᠢᠡᠷ ᠴᠤᠭᠴᠠᠯᠠᠭᠳᠠᠵᠤ᠂ ᠴᠢᠩᠭᠢᠰ ᠬᠠᠭᠠᠨ ᠤ ᠣᠩᠭ᠋ᠤᠨ ᠣᠷᠳᠤ ᠲᠡᠶ ᠬᠠᠷᠢᠯᠴᠠᠨ ᠭᠡᠢ᠌ᠭᠦᠯᠵᠤ᠂ ᠨᠠᠩ ᠰᠥᠷᠯᠢᠭ᠌ ᠥᠩᠭᠡ ᠦᠵᠡᠮᠵᠢ ᠶᠢ ᠪᠦᠷᠢᠯᠳᠦᠭᠦᠯᠵᠡᠢ᠃
ᠵᠤᠬᠢᠶᠠᠭᠴᠢ ᠶᠢᠨ ᠬᠠᠶᠢᠭ ᠄ ᠴᠢᠩᠭᠢᠰ ᠬᠠᠭᠠᠨ ᠤ ᠣᠩᠭ᠋ᠤᠨ ᠤ ᠳᠠᠢ᠌ᠯᠭ᠎ᠠ ᠰᠤᠶᠤᠯ ᠤᠨ ᠠᠯᠪᠠᠨ ᠭᠡᠷ
ᠵᠤᠬᠢᠶᠠᠭᠴᠢ᠄ ᠰᠡᠴᠡᠡᠪᠢᠯᠢᠭ᠌
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠮᠤᠩᠭᠤᠯ ᠲᠡᠦᠬᠡᠳᠠᠷᠤᠮ᠄ 7545
ᠴᠠᠭ᠄ 2010 ᠤᠨ ᠤ 02 ᠰᠠᠷ᠎ᠠ ᠶᠢᠨ 10
ᠨᠠᠢ᠌ᠷᠠᠭᠤᠯᠤᠭᠴᠢ᠄ ᠪᠦᠬᠡᠡᠷᠳᠡᠨᠢ