ᠨᠡᠪᠲᠡᠷᠡᠨ ᠤᠷᠤᠬᠤ
ᠰᠡᠳᠭᠢᠯ ᠢ ᠨᠢ ᠪᠣᠤ ᠭᠦᠡᠳᠡ

ᠰᠠᠢ᠌ᠬᠠᠨ ᠬᠤᠩᠭ᠋ᠤᠷ ᠠᠮᠠᠷᠠᠭ ᠤᠨ ᠵᠢᠠᠨ

ᠰᠡᠷᠪᠠᠭᠡᠷ ᠠᠯᠠᠭ ᠨᠢᠳᠤ ᠶᠢ ᠨᠢ

ᠨᠢᠯᠪᠣᠰᠤ ᠦᠭᠡᠶ ᠪᠠᠷ ᠡᠩᠭᠦᠷᠡᠢ᠌ᠯᠡᠵᠤ

ᠰᠠᠪ ᠦᠭᠡᠶ ᠴᠠᠢ᠌ᠯᠭᠠᠨ ᠬᠠᠢ᠌ᠷ᠎ᠠ ᠶᠢ ᠨᠢ

᠊ᠭ᠍‍ᠬᠢᠷ ᠦᠭᠡᠶ ᠭᠡᠪ ᠶᠢᠡᠷ ᠳᠡᠭᠡᠵᠢᠯᠡᠵᠤ

ᠠᠮᠠᠷᠬᠠᠨ ᠭᠤᠮᠤᠳᠠᠬᠤ ᠳᠤᠷᠠᠳᠠᠢ

ᠰᠡᠳᠭᠢᠯ ᠢ ᠨᠢ ᠪᠣᠤ ᠭᠦᠡᠳᠡ︕

ᠭᠦᠮᠤᠨ ᠤ ᠪᠦᠰᠡᠭᠦᠢ ᠶᠢᠨ ᠳᠡᠷᠭᠡᠳᠡ

ᠳᠠᠭᠢᠨᠢ ᠪᠣᠯᠭᠠᠨ ᠡᠷᠭᠦᠵᠤ

ᠭᠦᠮᠤᠨ ᠤ ᠭᠦᠤ ᠶᠢᠨ ᠬᠠᠵᠠᠭᠤ ᠳ᠋ᠤ

ᠣᠬᠠᠭᠠᠠᠳᠤ ᠪᠣᠯᠭᠠᠨ ᠳᠡᠭᠡᠳᠦᠯᠡᠵᠤ

ᠢᠨᠢᠶᠠᠳᠤᠨ ᠳᠤ ᠨᠢ ᠨᠢᠯᠬᠠᠷᠠᠵᠤ

ᠢᠳᠡᠭᠡᠯ ᠬᠠᠷᠢᠬᠤ ᠳᠤ ᠨᠢ ᠣᠷᠮᠠᠰᠢᠭᠤᠯᠵᠤ

ᠠᠯᠳᠠᠷ ᠢ ᠨᠢ ᠳᠠᠭᠤᠯᠠᠨ

ᠠᠯᠳᠠᠭ᠎ᠠ ᠶᠢ ᠨᠢ ᠠᠭᠤᠴᠢᠯᠠᠵᠤ

ᠠᠮᠠᠷᠬᠠᠨ ᠭᠦᠷᠦᠭᠦ ᠳᠤᠷᠠᠳᠠᠢ

ᠣᠷᠮ᠎ᠠ ᠶᠢ ᠨᠢ ᠪᠣᠤ ᠬᠤᠭᠤᠯ︕

ᠡᠭᠡᠯ ᠳᠦᠷᠦᠭ᠍ᠰᠡᠨ ᠪᠦᠰᠡᠭᠦᠢ ᠪᠠᠨ

ᠬᠠᠢ᠌ᠷ᠎ᠠ ᠶᠢᠨ ᠶᠢᠡᠨ ᠭᠡᠭᠡ ᠪᠠᠷ ᠳᠠᠭᠢᠨᠢ ᠪᠣᠯᠭᠠᠵᠤ

ᠣᠷ᠎ᠠ ᠳᠠᠮ ᠤᠨ ᠭᠢᠨᠢ ᠳᠤᠳᠠᠭᠤ ᠵᠢ

ᠬᠠᠨᠠᠭᠠᠷ ᠴᠡᠭᠡᠵᠢᠨ ᠳᠤ ᠪᠠᠨ ᠳᠡᠭᠦᠰ ᠪᠣᠯᠭᠠᠵᠤ

ᠠᠭᠤᠷᠯᠠᠭᠰᠠᠨ ᠦᠶ᠎ᠡ ᠳᠤ ᠨᠢ ᠠᠷᠭᠠᠳᠠᠨ

ᠣᠷᠮᠠᠰᠢᠭᠰᠠᠨ ᠦᠶ᠎ᠡ ᠳᠤ ᠨᠢ ᠡᠩᠭᠦᠷᠡᠢ᠌ᠯᠡᠨ

ᠬᠤᠯᠠ ᠶᠠᠪᠣᠬᠤ ᠳᠤ ᠪᠠᠨ ᠦᠨᠦᠰᠴᠤ

ᠬᠠᠷᠢᠵᠤ ᠢᠷᠡᠭᠦ ᠳᠤ ᠪᠠᠨ ᠳᠠᠭᠠᠯᠠᠵᠤ

ᠠᠮᠠᠷᠬᠠᠨ ᠨᠤᠷᠤᠬᠤ ᠳᠤᠷᠠᠳᠠᠢ

ᠰᠤᠷᠮᠤᠤᠰᠤ ᠶᠢ ᠨᠢ ᠪᠣᠤ ᠵᠢᠩᠳᠡᠭᠡ

ᠰᠠᠷᠠ ᠲᠡᠶ ᠰᠦᠨᠢ ᠶᠢᠨ ᠴᠢᠨᠢ

ᠠᠮᠠᠷᠠᠭ ᠭᠡᠭᠡ

ᠰᠠᠷᠠ ᠦᠭᠡᠶ ᠰᠦᠨᠢ ᠶᠢᠨ ᠳᠠᠨᠢ

ᠠᠮᠢᠳᠤ ᠰᠡᠭᠦᠳᠡᠷ

ᠨᠠᠰᠤᠨ ᠤ ᠬᠠᠨᠢ ᠪᠠᠨ

ᠳᠡᠭᠡᠵᠢᠯᠡᠵᠤ ᠶᠠᠪᠣᠭᠠᠷᠠᠢ︕

ᠨᠠᠮᠬᠠᠨ ᠰᠡᠳᠭᠢᠯ ᠢ ᠨᠢ

ᠭᠦᠡᠳᠦᠯᠡᠵᠤ ᠥᠳᠡᠯᠦᠭᠡᠷᠡᠢ︕


2008 12 6

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2647
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ