☆ ᠭᠤᠨᠢᠨᠤᠳ·ᠨᠠ᠊·ᠰᠥᠭᠡᠪᠠᠭᠠᠲᠤᠷ
ᠬᠠᠪᠣᠷ ᠪᠣᠯᠵᠠᠢ
ᠬᠠᠪᠣᠷ ᠪᠣᠯᠵᠠᠢ
ᠴᠠᠰᠤ
ᠴᠠᠭ ᠠᠯᠳᠠᠯ ᠦᠭᠡᠶ ᠬᠠᠢ᠌ᠯᠵᠤ ᠰᠠᠮᠠᠷᠠᠨᠡ
ᠨᠠᠮ᠎ᠠ ᠶᠢ ᠴᠢᠮ᠎ᠠ ᠲᠡᠶ ᠣᠴᠠᠷᠠᠭ ᠭᠡᠵᠤ
ᠨᠠᠷᠠ ᠶᠢ ᠳᠤᠰᠴᠤ ᠶᠠᠭᠠᠷᠠᠭᠰᠠᠨ ᠪᠣᠯᠤᠯᠳᠠᠢ᠃
ᠬᠠᠪᠣᠷ ᠪᠣᠯᠵᠠᠢ
ᠨᠤᠭᠤᠨ ᠰᠢᠪᠠᠭᠤᠳ ᠨᠢ
ᠨᠤᠳᠤᠭ ᠶᠢᠡᠨ ᠥᠭᠡᠢ᠌ᠯᠡᠨ ᠨᠡᠭᠦᠵᠤ ᠢᠷᠠᠨ᠎ᠡ
ᠳᠡᠭ᠍ᠷᠢ ᠶᠢᠨ ᠴᠡᠴᠡᠭ᠌
ᠳᠡᠭ᠍ᠷᠢ ᠳᠤ ᠪᠠᠨ ᠳᠡᠯᠭᠡᠷᠡᠵᠤ ᠡᠭᠢᠯᠡᠭᠦ ᠨᠢ ᠳᠠᠷᠠ ᠡ᠃
ᠬᠠᠪᠣᠷ ᠪᠣᠯᠵᠠᠢ
ᠨᠢᠯᠬ᠎ᠠ ᠨᠤᠭᠤᠭᠠᠤᠨ
ᠨᠢᠳᠤ ᠪᠠᠨ ᠨᠡᠭᠡᠭᠡᠭᠦ ᠭᠡᠵᠤ ᠭᠠᠵᠠᠷ ᠲᠤ ᠡᠷᠭᠡᠯᠡᠨ᠎ᠡ
ᠪᠢᠳᠠ ᠬᠤᠶᠠᠷ ᠤᠨ ᠭᠦᠳᠦᠯᠦᠯᠴᠡᠵᠤ ᠶᠠᠪᠣᠬᠤ ᠶᠢ ᠬᠠᠷᠠᠬᠤ ᠭᠡᠵᠤ
ᠪᠢᠰᠢᠭᠦᠢ ᠯᠠ ᠶᠡᠭᠡ ᠭᠦᠯᠢᠶᠡᠭ᠍ᠰᠡᠨ ᠪᠣᠯᠤᠯᠳᠠᠢ᠃
ᠬᠠᠪᠣᠷ ᠪᠣᠯᠵᠠᠢ
ᠣᠮᠠᠷ᠎ᠠ ᠶᠢᠨ ᠰᠠᠯᠭᠢᠨ
ᠣᠷᠤᠭᠰᠢ ᠢᠰᠭᠢᠷᠭᠦ ᠨᠢ ᠵᠥᠭᠡᠯᠡᠷᠡᠵᠤ ᠡᠭᠢᠯᠡᠨ᠎ᠡ
ᠰᠡᠳᠭᠢᠯ ᠤᠨ ᠥᠭᠡ ᠪᠠᠨ ᠴᠢᠮ᠎ᠠ ᠳᠤ ᠰᠢᠪᠠᠨᠡᠭᠦ ᠶᠢ ᠮᠢᠨᠢ
ᠰᠡᠮᠡᠭᠡᠨ ᠰᠤᠨᠤᠰᠬᠤ ᠭᠡᠰᠡᠨ ᠨᠢ ᠳᠠᠷᠠ ᠡ᠃
᠊᠊᠊᠊᠊᠊᠊᠊᠊᠊᠊᠊᠊᠊᠊ 2009.02.06
ᠪᠣᠷᠤᠪᠣᠯᠠᠭ ᠳᠤ
ᠵᠤᠬᠢᠶᠠᠭᠴᠢ ᠶᠢᠨ ᠬᠠᠶᠢᠭ ᠄ ᠯᠢᠶᠤᠤᠨᠢᠩ ᠶᠡᠭᠡ ᠰᠤᠷᠭᠠᠭᠤᠯᠢ
ᠵᠤᠬᠢᠶᠠᠭᠴᠢ᠄ ᠭᠤᠨᠢᠨᠤᠳ·ᠨᠠ᠊·ᠰᠥᠭᠡᠪᠠᠭᠠᠲᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 04 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ