ᠨᠡᠪᠲᠡᠷᠡᠨ ᠤᠷᠤᠬᠤ
ᠳᠤᠰᠤᠯ ᠭᠦᠯᠦᠰᠤ
᠊᠊᠊᠊᠊᠊᠊᠊᠊᠊᠊᠊᠊᠊᠊ 《ᠪᠠᠳᠤᠴᠠᠭᠠᠨ ᠤ ᠬᠠᠢ᠌ᠷ᠎ᠠ》 ᠪᠢᠯᠢᠭ᠌ ᠤᠨ ᠴᠢᠭᠤᠯᠭᠠᠨ ᠳᠤ ᠡᠷᠭᠦᠪᠠᠢ

        

ᠵᠢᠷᠦᠭᠡᠨ ᠡᠴᠡ ᠠᠰᠬᠠᠷᠠᠭᠰᠠᠨ ᠳᠤᠰᠤᠯ ᠳᠤᠰᠤᠯ ᠴᠢᠰᠤ

ᠵᠡᠭᠦᠳᠤᠨ ᠳᠠᠯ᠎ᠠ ᠪᠠᠨ ᠣᠮᠳᠠᠯᠠᠵᠤ ᠴᠢᠳᠠᠭᠰᠠᠨ ᠦᠭᠡᠶ

ᠰᠡᠳᠭᠢᠯ ᠤᠨ ᠰᠢᠷᠬ᠎ᠠ ᠲᠡᠶ ᠣᠶᠠᠷᠠᠩᠬᠠᠨ ᠬᠤᠯᠠᠳᠠᠭᠰᠠᠨ

ᠰᠢᠷᠭ᠎ᠠ ᠵᠢᠰᠤᠮ ᠤᠨ ᠠᠳᠤᠭᠤᠳ ᠤᠨ ᠮᠦᠷ ᠪᠠᠯᠠᠷᠠᠭᠰᠠᠭᠠᠷ ᠠᠪᠠᠢ


ᠡᠭᠡᠳᠡᠷᠭᠡᠡᠳᠤ ᠬᠤᠷᠸ᠎ᠠ ᠶᠢᠨ ᠰᠠᠯᠭᠢ ᠰᠢᠭᠤᠷᠭᠠᠨ ᠤ ᠣᠷᠴᠢᠯ ᠢ

ᠡᠳᠦᠷ ᠤᠨ ᠣᠬᠤᠷ ᠲᠤ ᠪᠠᠭᠴᠠᠯᠠᠨ ᠪᠠᠢ᠌ᠵᠤ ᠥᠵᠡᠭᠦᠯᠦᠭᠡᠳ

ᠨᠢᠳᠤ ᠰᠡᠳᠭᠢᠯ ᠤᠨ ᠬᠠᠷᠠᠭ᠎ᠠ ᠣᠬᠠᠭ᠎ᠠ ᠴᠠᠢ᠌ᠷᠠᠭᠤᠯᠵᠤ

ᠭᠡᠨ ᠨᠢᠭᠡᠨ ᠳᠤ ᠶᠠᠭᠤ ᠨᠢᠭᠡ ᠶᠢ ᠣᠴᠢᠷᠯᠠᠬᠤ ᠨᠢ ᠦᠦ︖


ᠴᠢᠭᠡᠴᠢ ᠪᠣᠰᠤᠭ᠎ᠠ ᠰᠤᠶᠤᠯ ᠶᠢᠡᠨ ᠭᠡᠵᠤ ᠮᠡᠡᠳᠦᠯᠡᠭ᠍ᠰᠡᠨ

ᠴᠢᠭᠢᠳᠠᠢ ᠬᠤᠭᠤᠷ ᠤᠨ ᠰᠢᠮᠠᠳᠠᠢ ᠥᠯᠢᠭᠡᠷ

ᠴᠢᠨᠤ ᠳᠤᠰᠤᠯ ᠭᠦᠯᠦᠰᠤ ᠪᠠᠢ᠌ᠯ᠎ᠠ

ᠴᠢᠩᠭᠢᠰ ᠵᠤᠷᠢᠭ ᠤᠨ ᠣᠬᠠᠭ᠎ᠠ ᠰᠣᠢ᠌ᠵᠤ ᠠᠯᠳᠠᠷᠰᠢᠭᠰᠠᠨ

ᠴᠠᠭᠢᠯᠤᠮ᠎ᠠ ᠬᠤᠷᠳᠤᠴᠠᠳᠤ ᠳᠡᠷᠢᠭᠦᠨ ᠮᠤᠷᠢᠳ ᠤᠨ ᠨᠤᠳᠤᠭ

ᠴᠢᠨᠤ ᠳᠤᠰᠤᠯ ᠭᠦᠯᠦᠰᠤ ᠪᠠᠢ᠌ᠯ᠎ᠠ


ᠰᠢᠷᠬᠠᠯᠠᠭᠰᠠᠨ ᠳᠠᠯ᠎ᠠ ᠨᠢᠴᠦᠭᠦᠷᠡᠭ᠍ᠰᠡᠨ ᠠᠭᠤᠯᠠᠰ ᠲᠤ

ᠳᠤᠰᠤᠯ ᠭᠦᠯᠦᠰᠤ ᠴᠢᠨᠢ ᠷᠠᠰᠢᠶᠠᠨ ᠪᠠᠢ᠌ᠯ᠎ᠠ ᠦᠦ︖

ᠰᠢᠨᠡᠴᠢᠯᠡᠭ᠍ᠰᠡᠨ ᠪᠠᠷᠢᠯᠭ᠎ᠠ ᠰᠢᠮᠡᠳᠭᠡᠭ᠍ᠰᠡᠨ ᠣᠬᠠᠭ᠎ᠠ

ᠲᠦᠮᠡᠨ ᠢ ᠣᠷᠢᠶᠠᠯᠠᠭᠰᠠᠨ ᠳᠤᠩᠬᠠᠭ ᠪᠠᠢ᠌ᠯ᠎ᠠ ᠦᠦ︖


ᠲ᠋ᠤᠮᠤᠭ ᠣᠨᠠᠭᠰᠠᠨ ᠭᠡᠯᠳᠡᠷᠭᠡᠢ ᠴᠢᠯᠠᠭᠤᠳ ᠡᠴᠡ

ᠳᠡᠦᠭᠡ ᠶᠢᠨ ᠣᠯᠠ ᠮᠦᠷ ᠳᠤᠮᠤᠷᠠᠵᠤ ᠬᠠᠷᠠᠭᠳᠠᠨ᠎ᠠ

ᠳᠦᠭᠦᠭᠡ ᠣᠬᠠᠭᠠᠨ ᠤ ᠳᠡᠷᠳᠡᠭᠡ ᠡᠷᠭᠢ ᠡᠴᠡ

ᠭᠦᠷᠭᠦ ᠮᠠᠷᠭᠠᠰᠢ ᠪᠠᠯᠠᠷᠬᠠᠢ ᠰᠤᠨᠤᠷᠳᠠᠨ᠎ᠠ


ᠴᠤᠭᠰᠢᠨ ᠣᠯᠠᠢ᠌ᠭᠰᠠᠨ ᠪᠠᠳᠤᠴᠠᠭᠠᠨ ᠤ ᠣᠢ

ᠭᠦᠮᠦᠰ ᠤᠨ ᠪᠣᠳᠤᠯ ᠳᠤ ᠵᠤᠯᠰᠢᠨ ᠬᠤᠨᠤᠭᠰᠢᠵᠤ

ᠴᠤᠭᠯᠠᠭᠰᠠᠨ ᠣᠯᠠᠨ ᠤ ᠬᠠᠷᠠᠭᠠᠨ ᠴᠢᠭ᠌

ᠭᠡᠳᠦᠳᠦᠭᠡᠷ ᠵᠠᠭᠤᠨ ᠤ ᠭᠦᠷᠳᠤ ᠳᠠᠭᠠᠵᠤ ᠳᠤᠭᠳᠠᠨᠠᠮ︖


ᠰᠡᠳᠭᠢᠯ ᠳᠤ ᠵᠢᠷᠮᠦᠰᠦᠯᠡᠭ᠍ᠰᠡᠨ ᠣᠯᠠᠨ ᠣᠯᠠᠨ ᠦᠷᠭᠡᠰᠤ

ᠳᠤᠰᠤᠯᠠᠬᠤ ᠭᠦᠯᠦᠰᠤ ᠶᠢ ᠴᠢᠨᠢ ᠳᠠᠭᠠᠵᠤ

ᠪᠣᠳᠠᠷᠠᠨ ᠪᠣᠳᠠᠷᠠᠨ ᠣᠨᠠᠵᠤ ᠪᠠᠢ᠌ᠯ᠎ᠠ

ᠰᠦᠮᠠᠢ᠌ᠨ ᠰᠦᠮᠠᠢ᠌ᠨ ᠠᠯᠤᠰ ᠬᠤᠯᠠ ᠶᠢᠨ ᠵᠡᠷᠭᠡᠯᠭᠡᠨ

ᠳᠤᠰᠤᠯᠠᠬᠤ ᠭᠦᠯᠦᠰᠤ ᠡᠴᠡ ᠴᠢᠨᠢ ᠣᠮᠳᠠᠯᠠᠵᠤ

ᠪᠣᠳᠠᠯᠠᠨ ᠪᠣᠳᠠᠯᠠᠨ ᠣᠷᠭᠤᠵᠤ ᠪᠠᠢ᠌ᠯ᠎ᠠ


ᠦᠨ᠎ᠡ ᠴᠠᠨ᠎ᠠ ᠶᠢᠨ ᠵᠢᠩᠭᠢᠨᠢ ᠮᠤᠳᠤᠨ ᠤ ᠰᠠᠯᠠᠭᠠᠨ ᠡᠴᠡ

ᠦᠷᠳᠡᠭ᠌ ᠦᠭᠡᠶ ᠵᠢᠮᠢᠰ ᠢ ᠪᠢᠳᠠ ᠪᠣᠤ ᠯᠠ ᠳᠡᠭᠦᠶ᠎ᠡ︕

ᠣᠤᠭᠠᠯ ᠰᠤᠶᠤᠯ ᠤᠨ ᠶᠢᠡᠨ ᠳᠤᠷᠭᠠᠨ ᠭᠦᠷᠦᠰᠤ ᠶᠢ ᠳᠡᠭᠡᠵᠢᠯᠡᠵᠤ

ᠥᠩᠭᠡ ᠶᠢᠨ ᠴᠡᠴᠡᠭ᠌ ᠢ ᠪᠠᠭᠴᠠ ᠪᠠᠭᠴᠠ ᠪᠠᠷ ᠳᠠᠷᠢᠬᠤ ᠦᠦ ᠳ᠋ᠠ︕


ᠪᠣᠳᠠᠯᠠᠵᠤ ᠣᠷᠭᠤᠭᠰᠠᠨ ᠪᠦᠭᠦᠨ ᠢ ᠪᠣᠷᠭᠠᠰᠤ ᠭᠡᠪᠠᠯ ᠪᠣᠷᠤᠭᠤ ᠲᠡᠶ

ᠪᠣᠳᠤᠵᠤ ᠰᠠᠨᠠᠭᠰᠠᠨ ᠪᠦᠭᠦᠨ ᠶᠢᠡᠨ ᠪᠠᠶᠡᠯᠡᠭᠦᠯᠦᠨ᠎ᠡ ᠭᠡᠳᠡᠭ᠌ ᠭᠡᠴᠡᠭᠦᠤ ᠲᠡᠶ

ᠳᠤᠰᠤᠯ ᠭᠦᠯᠦᠰᠤ ᠳᠠᠭᠠᠵᠤ ᠪᠦᠭᠡᠮ ᠪᠦᠭᠡᠮ ᠵᠤᠪᠠᠭᠤᠷᠢ ᠲᠡᠶ

ᠳᠤᠭᠰᠢᠨ ᠴᠢᠷᠠᠢ ᠬᠠᠷᠠᠵᠤ ᠬᠠᠯᠠᠭᠤᠨ ᠬᠠᠯᠠᠭᠤᠨ ᠨᠢᠯᠪᠣᠰᠤ ᠲᠡᠶ


ᠰᠦ᠋ ᠶᠢᠨ ᠦᠨᠦᠷ ᠲᠡᠶ ᠭᠦᠰᠡᠯ ᠳᠤ

ᠰᠤᠯᠤᠩᠭ᠋ᠠᠨ ᠥᠩᠭᠡ ᠶᠢᠨ ᠵᠠᠮ ᠲᠡᠶ

ᠰᠢᠭᠦᠳᠡᠷᠢ ᠳᠤᠨᠤᠭᠰᠠᠨ ᠬᠤᠳᠤᠭᠤᠷ ᠲᠤ

ᠦᠴᠦᠭᠡᠳᠦᠷ ᠯᠠᠪ ᠪᠣᠷᠤᠭᠠᠨ ᠲᠡᠶ ᠦᠦ︖


ᠪᠣᠭᠤᠷᠤᠯ ᠵᠢᠮᠢᠰ ᠪᠣᠭᠴᠤ ᠪᠠᠷ ᠳᠡᠭᠦᠭᠦ

ᠪᠣᠳᠤᠯ ᠤᠨ ᠭᠦᠨ ᠳᠠᠮᠠᠭ᠎ᠠ ᠪᠢᠯᠢᠤ︖

ᠪᠣᠴᠠᠬᠤ ᠰᠠᠨᠠᠭ᠎ᠠ ᠦᠴᠦᠭᠡᠨ ᠴᠤ ᠣᠷᠭᠤᠬᠤ ᠦᠭᠡᠶ

ᠪᠣᠰᠤᠭ᠎ᠠ ᠡᠷ᠎ᠡ ᠶᠢᠨ ᠰᠢᠠᠳᠠᠰᠤ ᠪᠢᠯᠢᠤ︖


ᠲ᠋ᠤᠭᠤᠭ᠎ᠠ ᠳᠤᠭᠤᠭ᠎ᠠ ᠪᠠᠷ ᠴᠢᠨᠠᠳᠠᠭ ᠨᠢ

ᠰᠥ᠋ ᠴᠤ ᠪᠣᠯᠤᠭ ᠮᠢᠬ᠎ᠠ ᠴᠤ ᠪᠣᠯᠤᠭ

ᠳᠤᠭᠤᠨᠤ ᠳᠤᠭᠤᠨᠤ ᠪᠠᠷ ᠭᠡᠮᠵᠢᠳᠡᠭ᠌ ᠨᠢ

ᠳᠡᠭ᠍ᠷᠢ ᠴᠤ ᠪᠣᠯᠤᠭ ᠣᠳᠤᠭ᠎ᠠ ᠴᠤ ᠪᠣᠯᠤᠭ


ᠲ᠋ᠢᠪ ᠳᠡᠭ᠍ᠷᠢ ᠶᠢ ᠪᠠᠭᠳᠠᠭᠠᠬᠤ

ᠲᠦᠮᠡᠨ ᠤ ᠰᠤᠳᠤᠨ ᠣᠬᠠᠭ᠎ᠠ ᠦᠦ ᠳ᠋ᠠ

ᠲᠦᠮᠡᠨ ᠤ ᠪᠣᠳᠤᠯ ᠳᠤᠶᠠᠭᠠᠷᠠᠭᠤᠯᠬᠤ

ᠳᠤᠰᠤᠯ ᠭᠦᠯᠦᠰᠤᠨ ᠤ ᠬᠠᠷᠢᠭᠤ ᠦᠦ ᠳ᠋ᠠ

ᠲᠦᠰᠢᠶᠠᠳᠤ ᠮᠢᠨᠢ ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2011 ᠤᠨ ᠤ 04 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ