ᠨᠡᠪᠲᠡᠷᠡᠨ ᠤᠷᠤᠬᠤ
ᠨᠢᠭᠤᠴᠠ ᠪᠢᠰᠢ ᠨᠢᠭᠤᠴᠠ

ᠰᠠᠮ ᠰᠡᠮᠭᠡᠨ ᠦᠴᠢᠯ ᠡᠴᠡ

ᠰᠠᠮᠠᠷᠠᠵᠤ ᠬᠠᠢ᠌ᠷ᠎ᠠ ᠣᠷᠭᠤᠨ᠎ᠠ

ᠰᠡᠳᠭᠢᠯ ᠤᠨ ᠮᠢᠨᠢ ᠭᠠᠭᠴᠠ ᠮᠤᠳᠤᠨ ᠢ

ᠰᠡᠪᠳᠦᠭᠡᠵᠤ ᠴᠢ ᠵᠢᠮᠢᠰᠯᠠᠨ᠎ᠠ


ᠣᠷᠴᠢᠯᠠᠩ ᠤᠨ ᠣᠯᠠᠨ ᠭᠤᠨᠢᠶᠠᠯ

ᠨᠠᠷᠠᠨ ᠤ ᠰᠠᠨᠠᠭ᠎ᠠ ᠊ᠭ᠍‍ᠬᠢᠷᠳᠦᠭᠡᠵᠤ

ᠴᠢᠷᠠᠢ ᠳᠡᠭᠡᠷ᠎ᠡ ᠴᠢᠨᠢ ᠣᠨᠠᠶ᠎ᠠ ᠭᠡᠪᠠᠯ

ᠳᠤᠰᠤᠭᠠᠤᠨ ᠪᠢ ᠠᠪᠣᠶ᠎ᠠ


ᠣᠶᠠᠬᠠᠨ ᠽᠡᠡᠪᠦᠯᠢᠩ ᠤᠨ ᠵᠢᠷᠭᠠᠯ

ᠰᠠᠷᠠᠨ ᠤ ᠳᠤᠶᠠᠭ᠎ᠠ ᠪᠠᠷ ᠠᠰᠬᠠᠷᠠᠵᠤ

ᠨᠠᠮ᠎ᠠ ᠳᠡᠭᠡᠷ᠎ᠡ ᠢᠷᠡᠭ᠍ᠰᠡᠨ ᠴᠤ

ᠴᠢᠮ᠎ᠠ ᠳᠤ ᠪᠢ ᠭᠦᠷᠭᠡᠶ᠎ᠡ


ᠠᠯᠢᠮᠠᠨ ᠣᠯᠠᠭᠠᠨ ᠨᠠᠷᠠᠨ

ᠴᠢᠷᠠᠢ᠌ᠨ ᠳᠤ ᠴᠢᠨᠢ ᠳᠤᠭᠯᠠᠵᠤ ᠨᠠᠭᠠᠳᠤᠨ᠎ᠠ

ᠬᠠᠰ ᠤᠨ ᠳᠤᠩᠭ᠋ᠠᠯᠠᠭ ᠰᠠᠷᠠᠨ

ᠮᠠᠯᠮᠠᠢ ᠳᠤ ᠴᠢᠨᠢ ᠰᠢᠩᠭᠡᠵᠤ ᠳᠡᠷᠭᠡᠯᠰᠢᠨ᠎ᠡ


ᠲ᠋ᠠᠯ᠎ᠠ ᠶᠢᠨ ᠣᠯᠠᠭᠠᠨ ᠰᠠᠷᠠᠯᠠᠩ ᠶᠢᠡᠷ

ᠪᠠᠯᠡᠭ᠌ ᠪᠠᠷᠢᠬᠤ ᠶᠢ ᠰᠠᠨᠠᠭᠰᠠᠨ ᠴᠤ

᠊ᠭ᠍‍ᠬᠢᠷ ᠦᠭᠡᠶ ᠴᠠᠭᠠᠬᠠᠨ ᠭᠠᠷ ᠢ ᠴᠢᠨᠢ

᠊ᠭ᠍‍ᠬᠢᠷᠳᠦᠭᠡᠭᠦ ᠡᠴᠡ ᠠᠶᠤᠵᠤ ᠴᠢᠳᠠᠭᠰᠠᠨ ᠦᠭᠡᠶ


ᠰᠠᠨᠠᠭᠠᠨ ᠤ ᠣᠯᠠᠨ ᠥᠭᠡ ᠪᠠᠨ

ᠰᠡᠮᠡᠭᠡᠷ ᠰᠢᠪᠠᠨᠡᠭᠦ ᠶᠢ ᠳᠤᠷᠠᠯᠠᠭᠰᠠᠨ ᠴᠤ

ᠰᠥ᠋ ᠴᠠᠢ᠌ᠯᠭᠠᠨ ᠠᠷᠠᠠᠰᠢᠨ ᠢ ᠴᠢᠨᠢ

ᠭᠦᠡᠳᠡᠭᠦ ᠡᠴᠡ ᠡᠮᠢᠶᠡᠵᠤ ᠭᠡᠯᠡᠭ᠍ᠰᠡᠨ ᠦᠭᠡᠶ


ᠮᠦᠰᠢᠶᠠᠨ ᠬᠤᠯᠠᠳᠠᠭᠰᠠᠨ ᠪᠠᠷ᠎ᠠ ᠶᠢ ᠴᠢᠨᠢ

ᠰᠦᠨᠠᠰᠤ ᠮᠢᠨᠢ ᠳᠠᠭᠠᠭᠠᠤᠨ ᠵᠠᠢ᠌ᠯᠠᠵᠠᠢ

ᠭᠡᠵᠢᠶᠡᠳᠡ ᠡᠷᠭᠢᠭᠦ ᠦᠭᠡᠶ ᠳᠦᠷᠭᠦ ᠴᠢᠨᠢ

ᠮᠥᠩᠭᠡ ᠰᠡᠢ᠌ᠯᠦᠭ᠍ᠳᠡᠭᠡᠳ ᠬᠤᠴᠤᠷᠴᠠᠢ


ᠵᠤᠬᠢᠶᠠᠭᠴᠢ ᠶᠢᠨ ᠬᠠᠶ‍ᠢᠭ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2645
ᠴᠠᠭ᠄ 2010 ᠤᠨ ᠤ 07 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ