ᠨᠡᠪᠲᠡᠷᠡᠨ ᠤᠷᠤᠬᠤ
ᠣᠳᠤᠷ ᠲᠤ ᠭᠠᠭᠴᠠᠭᠠᠷ

ᠭᠠᠭᠴᠠᠭᠠᠷ ᠴᠢᠮᠡᠭᠡ ᠦᠭᠡᠶ ᠰᠠᠭᠤᠬᠤ ᠳ᠋ᠤ

ᠭᠤᠨᠢᠭ ᠠᠶᠠᠷᠬᠠᠨ ᠨᠠᠭᠠᠰᠢᠯᠠᠨ᠎ᠠ᠂

ᠭᠠᠯ ᠬᠠᠯᠠᠭᠤᠨ ᠵᠢᠷᠦᠭᠡ ᠮᠢᠨᠢ

ᠭᠤᠴᠢᠨ ᠭᠷᠠᠳᠦ᠋ᠰ ᠤᠨ ᠭᠦᠢᠳᠡᠨ ᠳᠤ ᠭᠦᠷᠦᠨ᠎ᠡ᠂

ᠶᠠᠷᠢᠬᠤ ᠭᠦᠮᠤᠨ ᠪᠠᠢ᠌ᠬᠤ ᠥᠭᠡᠢ

ᠣᠢ᠌ᠤᠠᠬᠠᠷ ᠳᠦᠷᠦᠭᠦᠯᠦᠨ᠎ᠡ᠂

ᠢᠷᠠᠭᠤ ᠨᠠᠢ᠌ᠷᠠᠭ ᠤᠨ ᠥᠭᠡᠰ ᠴᠤ

ᠥᠭᠦᠮᠡᠯ ᠪᠣᠯᠤᠨ᠎ᠠ᠂

ᠭᠦᠮᠤᠨ ᠪᠦᠭᠦᠨ ᠳᠤ ᠭᠤᠨᠢᠭ ᠶᠢᠡᠨ ᠳᠤᠭᠠᠴᠢᠵᠤ

ᠠᠭᠤᠵᠢᠷᠠᠬᠤ ᠶᠢ ᠭᠦᠰᠡᠨ᠎ᠡ᠂

ᠦᠪᠡᠷ ᠢ ᠪᠠᠨ ᠥᠪᠠᠷᠳᠡᠭᠡᠨ ᠦᠷᠤᠪᠳᠤᠵᠤ

ᠣᠭᠢᠯᠠᠮᠠᠷ ᠰᠠᠨᠠᠭᠳᠠᠨ᠎ᠠ᠂

ᠥᠭᠡᠳᠡ ᠪᠠᠨ ᠥᠩᠭᠡᠷᠡᠭᠦ ᠭᠦᠮᠤᠨ ᠪᠦᠭᠦᠨ ᠢ

ᠳᠠᠭᠤᠳᠠᠮᠠᠷ ᠪᠣᠳᠤᠭᠳᠠᠨ᠎ᠠ᠂

ᠣᠳᠠᠰᠤᠨ ᠤ ᠮᠢᠨᠢ ᠬᠤᠩᠬᠤ

ᠳᠤᠤᠭᠠᠷᠬᠤ ᠶᠢ ᠴᠤ ᠭᠦᠰᠡᠨ᠎ᠡ᠂

ᠭᠡᠨ ᠨᠢᠭᠡᠨ ᠲᠡᠶ ᠶᠠᠷᠢᠭᠠᠤᠨ ᠴᠤ ᠪᠠᠢ᠌ᠮᠠᠷ︖

ᠭᠡᠭᠡᠷ᠎ᠡ ᠭᠦᠳᠡᠭᠡ ᠠᠯᠬᠤᠭᠠᠤᠨ ᠴᠤ ᠪᠠᠢ᠌ᠮᠠᠷ︖

ᠭᠠᠭᠴᠠᠬᠠᠷ ᠪᠠᠢ᠌ᠬᠤ ᠶᠢᠨ ᠣᠢ᠌ᠤᠠᠬᠠᠷ ᠳᠤᠮᠳᠠ ᠡᠴᠡ

ᠭᠤᠨᠢᠭ ᠭᠡᠳᠡᠭ᠌ ᠠᠶᠠᠷᠬᠠᠨ ᠨᠠᠭᠠᠰᠢᠯᠠᠨ᠎ᠠ᠃


         2009.9.13


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 12184
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ