☆ ᠭᠧ᠊·ᠮᠥᠩᠭᠡ
ᠴᠡᠷᠢᠭ᠌ ᠪᠦᠰᠡᠭᠦᠢ
ᠴᠢ ᠪᠣᠯ ᠬᠠᠢ᠌ᠷ᠎ᠠ ᠶᠢᠨ ᠭᠡᠳᠡᠭᠡ
ᠬᠠᠮᠤᠭ ᠣᠯᠠᠨ ᠤ ᠳᠤᠷᠠᠯᠠᠯ ᠠᠷᠭᠠᠮᠵᠢᠳᠠᠭ
ᠬᠠᠢ᠌ᠷ᠎ᠠ ᠶᠢᠨ ᠳᠤᠷᠭᠠᠨ ᠪᠦᠷᠢᠯᠸ᠎ᠡ
ᠬᠠᠷᠠᠵᠤ ᠬᠠᠨᠤᠭ᠎ᠠ ᠥᠭ᠍ᠡᠢ ᠴᠡᠴᠡᠭ᠌
ᠬᠠᠢ᠌ᠷ᠎ᠠ ᠶᠢᠨ ᠳᠠᠭᠢᠨᠢ ᠴᠢ ᠪᠢᠯᠠ᠂
ᠬᠠᠷᠠᠴᠠᠨ ᠳᠤ ᠬᠤᠷᠭᠤᠳᠠᠵᠤ ᠳᠤᠷᠠᠰᠳᠠᠭ
ᠬᠠᠯᠠᠭᠤᠨ ᠬᠤᠶᠠᠷ ᠮᠠᠯᠮᠠᠢ ᠪᠣᠶᠤ
ᠬᠠᠨᠠᠭᠠᠷ ᠳᠡᠭ᠍ᠰᠢ ᠳᠠᠨ ᠤ ᠪᠠᠶ᠎ᠠ
ᠬᠠᠢ᠌ᠷ᠎ᠠ ᠶᠢᠨ ᠭᠡᠳᠡᠭᠡ ᠶᠢ ᠴᠢ ᠪᠣᠯᠢᠶᠠᠨᠠᠮ
ᠴᠡᠪᠠᠷᠭᠡᠨ ᠳᠦᠷᠦᠭ᠍ᠰᠡᠨ ᠴᠢᠨᠤ ᠴᠢᠷᠠᠢ
ᠴᠡᠷᠢᠭ᠌ ᠪᠦᠰᠡᠭᠦᠢ ᠳᠠᠨ ᠤ ᠭᠤᠶᠤ
ᠴᠡᠷᠢᠭ᠌ ᠤᠨ ᠬᠤᠸᠠᠷᠠᠨ ᠳ᠋ᠠᠭᠢ ᠴᠢᠨᠤ ᠢᠨᠢᠶᠠᠯ
ᠴᠡᠴᠡᠭᠡᠰ ᠢ ᠢᠴᠢᠭᠡᠭᠦ ᠳᠠᠨ ᠤ ᠪᠠᠶᠠᠰᠤᠯ
ᠴᠢᠮ᠎ᠠ ᠳᠤ ᠣᠶᠠᠰᠬᠤ ᠮᠢᠨᠤ ᠵᠢᠷᠦᠬᠡ
ᠴᠡᠭᠡᠵᠢᠨ ᠳᠤ ᠳᠡᠯᠡᠷᠡᠭᠦ ᠴᠢᠨᠤ ᠳᠠᠯᠪᠢ
ᠴᠠᠭᠠᠪᠣᠷ ᠰᠡᠳᠭᠢᠯ ᠴᠤᠪᠣᠭᠤᠯᠢᠭ ᠵᠠᠩ
ᠴᠡᠷᠢᠭ᠌ ᠪᠦᠰᠡᠭᠦᠢ ᠳᠠᠨ ᠤ ᠠᠭᠠᠯᠢ
ᠵᠢᠭ᠍ᠳᠡ ᠮᠦᠷ ᠲᠡᠶ ᠵᠢᠪᠬᠤᠭᠠᠳᠤ ᠠᠯᠬᠤᠭ᠎ᠠ
ᠵᠢᠠᠠᠰᠠᠭᠠᠯ ᠪᠣᠯᠪᠠᠰᠤᠨ ᠳᠠᠨ ᠤ ᠰᠦᠷ᠂
ᠡᠩᠬᠡ ᠳᠠᠢ᠌ᠪᠣᠩ ᠣᠢ᠌ᠯᠠᠰ ᠮᠦᠷᠳᠠᠵᠤ
ᠡᠰᠨᠢᠭᠦ ᠨᠤᠭᠤᠭᠠᠨ ᠠᠮᠢᠳᠤᠷᠠᠯ ᠬᠠᠢ᠌ᠨ
ᠢᠷᠡᠭᠡᠳᠦᠢ ᠮᠠᠷᠭᠠᠰᠢ ᠶᠢᠨ ᠳᠦᠷᠦᠭᠡᠨ ᠳᠡᠭᠡᠷ᠎ᠡ
ᠴᠤᠴᠠᠯᠳᠠ ᠦᠭᠡᠶ ᠵᠢᠦᠡᠭᠦᠨ ᠳᠡᠮᠡᠤᠯᠳᠡᠭ᠌
ᠴᠡᠷᠢᠭ᠌ ᠪᠦᠰᠡᠭᠦᠢ ᠳᠠᠨ ᠤ ᠠᠯᠪᠠ᠂
ᠨᠠᠯᠠᠭᠠᠷ ᠪᠠᠶᠠᠨ ᠨᠤᠳᠤᠭ ᠳᠠᠭᠠᠨ
ᠨᠠᠪᠴᠢ ᠴᠡᠴᠡᠭ᠌ ᠳᠡᠯᠭᠡᠷᠡᠭᠦ ᠰᠢᠭ᠌
ᠨᠠᠷᠠᠨ ᠵᠥᠭ᠌ ᠤᠨ ᠭᠡᠢ᠌ᠮᠦᠷᠢ ᠡᠷᠭᠦᠨ
ᠠᠮᠢᠳᠤᠷᠠᠯ ᠠᠶᠠᠨ ᠤ ᠦᠨᠡᠨ ᠢ ᠡᠷᠢᠵᠤ
ᠠᠳᠠᠯ ᠭᠡᠷ ᠶᠢᠡᠨ ᠥᠭᠡᠳᠡ ᠳᠠᠳᠠᠨ
ᠵᠢᠷᠦᠭᠡᠨ ᠠᠮᠠᠷᠠᠭ ᠣᠬᠠᠭᠠᠨ ᠳᠤ ᠪᠠᠨ
ᠠᠶᠠᠨ ᠤ ᠴᠡᠩᠭᠡᠷ ᠬᠠᠷᠠᠭ᠎ᠠ ᠡᠪᠦᠷᠯᠡᠵᠤ
ᠵᠡᠭᠦᠳᠤᠨ ᠳᠡᠷᠭᠡᠯ ᠣᠢ᠌ᠯᠠᠰ ᠭᠡᠳ
ᠠᠷᠠᠯ ᠤᠨ ᠱᠠᠷ ᠰᠢᠭ ᠵᠢᠦᠡᠭᠦᠳᠡᠭ᠌
ᠴᠢᠩ ᠬᠠᠢ᠌ᠷ᠎ᠠ ᠶᠢᠨ ᠴᠡᠯᠭᠢᠶᠡ
ᠴᠡᠷᠢᠭ᠌ ᠪᠦᠰᠡᠭᠦᠢ ᠴᠢ ᠪᠢᠯᠠ᠃
ᠴᠢᠨᠤ ᠵᠥᠭ᠌ ᠶᠡᠭᠦᠷᠡᠭᠦ ᠬᠠᠢ᠌ᠷ᠎ᠠ
ᠬᠤᠨᠤᠭ ᠤᠨ ᠮᠢᠩᠭ᠋ᠠᠨ ᠵᠡᠭᠦᠳᠤᠨ ᠳ᠋ᠤ
ᠬᠤᠩᠭ᠋ᠤᠷ ᠵᠢᠷᠦᠭᠡᠨ ᠤ ᠨᠢᠭᠤᠴᠠᠬᠠᠨ ᠪᠣᠳᠤᠯ ᠳ᠋ᠤ
ᠴᠡᠴᠡᠭᠯᠡᠵᠤ ᠪᠣᠯᠪᠠᠰᠤᠷᠠᠭᠠᠳᠤᠢ ᠡᠮᠵᠡᠭᠭᠡᠨ ᠬᠠᠢ᠌ᠷ᠎ᠠ
ᠴᠡᠷᠢᠭ᠌ ᠤᠨ ᠬᠤᠸᠠᠷᠠᠨ ᠵᠥᠭ᠌ ᠰᠠᠮ ᠨᠡᠭᠦᠨ᠎ᠡ
ᠬᠤᠷᠠᠭ ᠤᠨ ᠠᠮᠢᠳᠤ ᠳᠠᠪᠢᠯᠠᠩ ᠳᠡᠭᠡᠷ᠎ᠡ
ᠬᠠᠨᠢ ᠶᠢᠨ ᠢᠷᠦᠭᠡᠯ ᠲᠡᠶ ᠵᠡᠭᠦᠳᠤ ᠮᠠᠨᠠᠵᠤ
ᠰᠡᠳᠭᠢᠯ ᠤᠨ ᠴᠡᠩᠭᠡᠷ ᠨᠠᠭᠤᠷ ᠲᠤ ᠪᠠᠨ
ᠰᠥᠵᠦᠭ᠌ ᠠᠷᠢᠭᠤᠬᠠᠨ ᠬᠠᠢ᠌ᠷ᠎ᠠ ᠨᠡᠪᠴᠢᠭᠡᠨ
ᠵᠥᠭᠡᠯᠡᠨ ᠠᠶᠠᠰ ᠲᠡᠶ ᠰᠠᠯᠭᠢ ᠳᠤᠠᠠᠯᠠᠭᠤᠯᠤᠨ
ᠵᠢᠷᠦᠭᠡᠨ ᠳᠤ ᠪᠠᠨ ᠴᠢᠮ᠎ᠠ ᠶᠢ ᠬᠤᠨ ᠪᠣᠯᠭᠠᠭᠰᠠᠨ
ᠴᠢᠩ ᠦᠨᠡᠠᠴᠢ ᠨᠢᠭᠡᠨ ᠳᠤᠷᠠᠯᠠᠯ
ᠬᠤᠷ᠎ᠠ ᠶᠢᠨ ᠡᠭᠦᠯᠡ ᠰᠢᠭ᠌ ᠨᠡᠭᠦᠵᠤ ᠪᠠᠢ᠌ᠨᠠᠮ ᠁
ᠵᠤᠬᠢᠶᠠᠭᠴᠢ ᠶᠢᠨ ᠬᠠᠶᠢᠭ᠄ ᠦᠪᠣᠷ ᠮᠤᠩᠭ᠋ᠤᠯ᠂ ᠣᠷᠳᠤᠰ
ᠵᠤᠬᠢᠶᠠᠭᠴᠢ᠄ ᠭᠧ᠊·ᠮᠥᠩᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2641
ᠴᠠᠭ᠄ 2010 ᠤᠨ ᠤ 07 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ