ᠨᠡᠪᠲᠡᠷᠡᠨ ᠤᠷᠤᠬᠤ
ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠠᠩᠭ᠍ᠯᠢ ᠭᠡᠯᠡ ᠵᠢᠭᠠᠬᠤ ᠳᠤᠬᠠᠢ ᠰᠥᠪᠠᠭ᠍ᠴᠢᠯᠡᠯ

ᠣᠳᠤᠬᠠᠨ ᠳᠤ ᠥᠭᠡᠷᠡᠴᠢᠯᠡᠯᠳᠡ ᠭᠢᠵᠤ ᠴᠢᠯᠦᠭᠡᠳᠡᠢ ᠶᠠᠪᠣᠯᠴᠠᠨ ᠠᠵᠤ ᠠᠬᠤᠢ ᠳᠡᠯᠡᠭᠡᠢ᠌ᠵᠢᠭᠦ ᠶᠢ ᠳᠠᠭᠠᠯᠳᠤᠨ ᠮᠠᠨ ᠤ ᠦᠨᠳᠦᠰᠦᠳᠠᠨ ᠤ ᠰᠤᠷᠭᠠᠨ ᠭᠦᠮᠦᠵᠢᠯ ᠳᠤ ᠭᠠᠳᠠᠭᠠᠳᠤ ᠭᠡᠯᠡ ᠳᠤᠩ ᠴᠢᠬᠤᠯᠠᠴᠢᠯᠠᠭᠳᠠᠵᠤ ᠪᠠᠢ᠌ᠬᠤ ᠪᠦᠭᠡᠳ ᠮᠠᠨ ᠤ ᠦᠨᠳᠦᠰᠦᠳᠠᠨ ᠴᠤ ᠭᠠᠳᠠᠭᠠᠳᠤ ᠭᠡᠯᠡ ᠶᠢ ᠰᠠᠢ᠌ᠳᠤᠷ ᠡᠵᠡᠮᠰᠢᠵᠤ᠂ ᠳᠡᠯᠡᠭᠡᠢ ᠶᠢᠨ ᠳᠡᠷᠢᠭᠦᠨ ᠤ ᠰᠤᠶᠤᠯ ᠪᠠ ᠳᠸᠭ᠍ᠨᠢᠭ᠌ ᠮᠡᠷᠭᠡᠵᠢᠯ ᠢ ᠰᠤᠷᠴᠤ ᠭᠡᠷᠡᠭᠯᠡᠨ ᠦᠨᠳᠦᠰᠦᠳᠠᠨ ᠶᠢᠡᠨ ᠳᠡᠯᠡᠭᠡᠢ ᠶᠢᠨ ᠡᠯ᠎ᠡ ᠦᠨᠳᠦᠰᠦᠳᠠᠨ ᠣᠭᠰᠠᠭᠠᠳᠠᠨ ᠲᠡᠶ ᠮᠦᠷᠤ ᠵᠡᠷᠭᠡᠴᠡᠭᠦᠯᠤᠨ ᠣᠷᠤᠭᠰᠢᠯᠠᠭᠤᠯᠬᠤ ᠶᠢᠨ ᠲᠦᠯᠦᠭᠡ ᠡᠷᠭᠡᠪᠰᠢ ᠭᠠᠳᠠᠭᠠᠳᠤ ᠭᠡᠯᠡ ᠶᠢ ᠭᠦᠡᠳᠦᠳᠭᠡᠨ ᠥᠵᠡᠭᠦ ᠭᠡᠷᠡᠭ᠍ᠳᠡᠢ ᠶᠤᠮ᠃ ᠡᠢ᠌ᠮᠤ ᠡᠴᠡ ᠮᠤᠩᠭ᠋ᠤᠯ ᠶᠢᠡᠷ ᠭᠢᠴᠢᠶᠠᠯᠯᠠᠵᠤ ᠪᠠᠢ᠌ᠭ᠎ᠠ ᠪᠠᠭ᠎ᠠ ᠰᠤᠷᠭᠠᠭᠤᠯᠢ ᠦᠪᠡᠷ ᠤᠨ ᠪᠣᠳᠠᠳᠤ ᠪᠠᠢ᠌ᠳᠠᠯ ᠶᠢᠡᠨ ᠦᠨᠳᠦᠰᠦᠯᠠᠵᠤ ᠠᠩᠭ᠍ᠯᠢ ᠭᠡᠯᠡᠨ ᠤ ᠭᠢᠴᠢᠶᠠᠯ ᠢ ᠳᠤᠭᠢᠷᠠᠭᠤᠯᠵᠤ ᠪᠣᠯᠤᠨ᠎ᠠ᠃ ᠬᠡᠦᠬᠡᠳ ᠤᠨ ᠰᠠᠳᠭᠢᠴᠠ ᠵᠦᠢ ᠭᠢᠭᠡᠳ ᠰᠤᠷᠭᠠᠨ ᠭᠦᠮᠦᠵᠢᠯ ᠤᠨ ᠰᠤᠳᠤᠯᠤᠯ ᠳᠤ ᠦᠨᠳᠦᠰᠦᠯᠠᠪᠠᠯ᠂ ᠭᠡᠯᠡ ᠰᠤᠷᠬᠤ ᠨᠢ ᠭᠡᠳᠦᠢ ᠡᠷᠳᠡ ᠪᠣᠯ ᠳᠠᠳᠤᠢ ᠰᠠᠢ᠌ᠨ᠂ ᠣᠴᠢᠷ ᠨᠢ ᠪᠠᠭ᠎ᠠ ᠬᠡᠦᠬᠡᠳ ᠭᠡᠯᠡᠨ ᠤ ᠮᠠᠳᠠᠷᠠᠮᠵᠢ ᠰᠠᠢ᠌ᠨ ᠪᠠᠢ᠌ᠵᠤ᠂ ᠪᠣᠰᠤᠳ ᠢ ᠳᠠᠭᠤᠷᠢᠶᠠᠬᠤ ᠳᠠᠭᠠᠨ ᠴᠢᠳᠠᠮᠠᠭᠠᠢ ᠪᠠᠢ᠌ᠳᠠᠭ ᠳᠠᠷᠠᠴᠢᠯᠠᠨ ᠪᠠᠭ᠎ᠠ ᠰᠤᠷᠭᠠᠭᠤᠯᠢ ᠶᠢᠨ ᠬᠡᠦᠬᠡᠳ ᠤᠳ ᠢ ᠳᠤᠮᠳᠠᠳᠤ ᠰᠤᠷᠭᠠᠭᠤᠯᠢ ᠶᠢᠨ ᠬᠡᠦᠬᠡᠳ ᠲᠡᠶ ᠬᠠᠷᠢᠴᠠᠭᠤᠯᠪᠠᠯ ᠵᠤᠷᠢᠭᠳᠠᠢ ᠮᠦᠷᠳᠡᠭᠡᠨ ᠢᠴᠢᠵᠤ ᠰᠢᠷᠪᠠᠭᠡᠳᠦᠭᠦ ᠪᠠᠷ ᠪᠠᠭ᠎ᠠ ᠪᠠᠢ᠌ᠳᠠᠭ᠃ ᠡᠭᠦᠨ ᠢ ᠣᠨᠤᠯ ᠤᠨ ᠳᠠᠯ᠎ᠠ ᠪᠠᠷ ᠭᠡᠯᠡᠪᠠᠯ᠂ ᠪᠠᠭ᠎ᠠ ᠰᠤᠷᠭᠠᠭᠤᠯᠢ ᠳᠤ ᠠᠩᠭ᠍ᠯᠢ ᠭᠡᠯᠡ ᠵᠢᠭᠠᠬᠤ ᠴᠢᠬᠤᠯᠠ ᠲᠡᠶ ᠪᠦᠭᠡᠳ ᠡᠢ᠌ᠮᠤ ᠪᠣᠯᠤᠮᠵᠢ ᠴᠤ ᠪᠠᠢ᠌ᠵᠤ ᠪᠣᠯᠤᠨ᠎ᠠ ᠭᠡᠵᠤ ᠦᠵᠡᠵᠤ ᠪᠣᠯᠤᠨ᠎ᠠ ᠭᠡᠪᠠᠴᠤ ᠡᠨᠡ ᠨᠢ ᠠᠯᠢ ᠴᠤ ᠨᠤᠳᠤᠭ ᠤᠨ ᠶᠠᠮᠠᠷᠪᠠ ᠪᠠᠭ᠎ᠠ ᠰᠤᠷᠭᠠᠭᠤᠯᠢ ᠳᠤ ᠴᠦᠮ ᠳᠤᠭᠢᠷᠠᠨ᠎ᠠ ᠭᠡᠰᠡᠨ ᠥᠭᠡ ᠪᠢᠰᠢ ᠪᠠᠭ᠎ᠠ ᠰᠤᠷᠭᠠᠭᠤᠯᠢ ᠳᠤ ᠭᠠᠳᠠᠭᠠᠳᠤ ᠭᠡᠯᠡ ᠵᠢᠭᠠᠬᠤ ᠳᠤ ᠮᠢᠨᠤ ᠥᠵᠡᠭᠦ ᠪᠠᠷ ᠳᠤᠤᠷᠠᠭᠢ ᠮᠠᠳᠤ ᠨᠥᠭᠦᠴᠡᠯ ᠤᠳ ᠢ ᠪᠦᠷᠢᠯᠳᠦᠭᠦᠯᠪᠠᠯ ᠰᠤᠷᠤᠭᠴᠢᠳ ᠲᠤ ᠠᠩᠭ᠍ᠯᠢ ᠭᠡᠯᠡ ᠶᠢ ᠰᠠᠢ᠌ᠨ ᠡᠵᠡᠮᠰᠢᠭᠦᠯᠵᠤ ᠴᠢᠳᠠᠨ᠎ᠠ᠃

ᠨᠢᠭᠡ ᠳᠤ᠂ ᠭᠢᠷᠢ ᠳᠡᠩᠴᠡᠭ᠍ᠰᠡᠨ ᠭᠠᠳᠠᠭᠠᠳᠤ ᠭᠡᠯᠡᠨ ᠤ ᠪᠠᠭᠰᠢ ᠶᠢᠨ ᠭᠦᠴᠤᠨ ᠪᠠᠢ᠌ᠬᠤ ᠭᠡᠷᠡᠭ᠍ᠳᠡᠢ᠃ ᠪᠠᠭ᠎ᠠ ᠰᠤᠷᠭᠠᠭᠤᠯᠢ ᠳᠤ ᠠᠩᠭ᠍ᠯᠢ ᠭᠡᠯᠡᠨ ᠤ ᠪᠠᠭᠰᠢ ᠳᠤᠳᠠᠭᠳᠠᠵᠤ ᠪᠠᠢ᠌ᠬᠤ ᠮᠦᠷᠳᠡᠭᠡᠨ ᠨᠠᠩ ᠢᠯᠡᠭᠦᠤ ᠭᠢᠷᠢ ᠳᠡᠩᠴᠡᠭ᠍ᠰᠡᠨ ᠪᠠᠭᠰᠢ ᠳᠤᠳᠠᠭᠳᠠᠵᠤ ᠪᠣᠢ᠃ ᠣᠯᠠᠩᠭᠢ ᠨᠢ ᠬᠠᠭᠠᠰ ᠳᠤᠳᠠᠭᠤ ᠰᠤᠷᠴᠤ ᠳᠦᠭᠦᠭᠡᠢ ᠱᠦᠷᠭᠡᠢ ᠡᠵᠡᠮᠰᠢᠭ᠍ᠰᠡᠨ ᠪᠠᠭ᠎ᠠ ᠪᠣᠰᠤ ᠪᠠᠭᠰᠢ ᠠᠩᠭ᠍ᠯᠢ ᠭᠡᠯᠡ ᠵᠢᠭᠠᠬᠤ ᠡᠭᠦᠷᠭᠡ ᠶᠢ ᠭᠦᠢᠴᠡᠳᠭᠡᠵᠤ ᠪᠠᠢ᠌ᠳᠠᠭ᠃ ᠳᠤᠭ᠎ᠠ ᠲᠡᠶ ᠣᠷᠤᠵᠤ ᠴᠥᠭᠡᠨ ᠭᠡᠳᠤ ᠳᠡᠭᠦᠰᠳᠡᠭ᠌ ᠶᠡᠭᠡ ᠰᠤᠷᠭᠠᠭᠤᠯᠢ ᠶᠢᠨ ᠠᠩᠭ᠍ᠯᠢ ᠭᠡᠯᠡᠨ ᠤ ᠶᠡᠷᠦᠩᠭᠡᠢ ᠠᠩᠭᠢ ᠡᠴᠡ ᠳᠡᠭᠦᠰᠦᠭ᠍ᠰᠡᠨ ᠳᠤᠰᠬᠠᠢ ᠮᠡᠷᠭᠡᠵᠢᠯ ᠲᠡᠶ ᠮᠤᠩᠭ᠋ᠤᠯ ᠪᠠᠭᠰᠢ ᠨᠡᠷ ᠭᠠᠳᠠᠨ᠎ᠠ ᠣᠷᠤᠨ ᠳᠤ ᠶᠠᠪᠣᠳᠠᠭ ᠨᠢ ᠣᠯᠠᠨ᠃ ᠬᠠᠶᠠ ᠨᠤᠳᠤᠭ ᠲᠠᠭᠠᠨ ᠭᠡᠳ ᠭᠦᠷᠦᠭᠡᠳ ᠢᠷᠡᠳᠡᠭ᠌ ᠨᠢ ᠴᠤ ᠠᠵᠢᠯ ᠣᠯᠬᠤ ᠦᠭᠡᠶ ᠭᠡᠳᠤᠨ ᠵᠢᠯ ᠭᠦᠯᠢᠶᠡᠭ᠍ᠰᠡᠭᠡᠷ ᠪᠠᠢ᠌ᠵᠤ ᠰᠤᠷᠤᠭᠰᠠᠨ ᠠᠩᠭ᠍ᠯᠢ ᠭᠡᠯᠡ ᠪᠠᠨ ᠴᠤ ᠮᠠᠷᠳᠠᠵᠤ ᠣᠷᠭᠢᠳᠠᠭ ᠬᠠᠷᠠᠮᠰᠠᠯᠳᠤ ᠥᠵᠡᠭ᠍ᠳᠡᠯ ᠪᠣᠢ᠃ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠪᠠᠭᠰᠢ ᠡᠷᠭᠡᠪᠰᠢ ᠠᠩᠭ᠍ᠯᠢ ᠭᠡᠯᠡᠨ ᠤ ᠵᠢᠭᠠᠨ ᠰᠤᠷᠭᠠᠯᠳᠠ ᠳᠤ ᠪᠠᠬᠠᠳᠠᠢ᠂ ᠰᠤᠷᠤᠭᠴᠢ ᠳᠤ ᠬᠠᠢ᠌ᠷᠠᠳᠠᠢ᠂ ᠠᠩᠭ᠍ᠯᠢ ᠭᠡᠯᠡᠨ ᠤ ᠪᠠᠳᠤ ᠰᠠᠭᠤᠷᠢ ᠲᠡᠶ ᠪᠦᠭᠡᠳ ᠰᠤᠨᠤᠰᠴᠤ ᠶᠠᠷᠢᠬᠤ᠂ ᠣᠩᠰᠢᠬᠤ᠂ ᠪᠢᠴᠢᠭᠦ ᠦᠨᠳᠦᠰᠦᠨ ᠴᠢᠳᠠᠪᠣᠷᠢ ᠶᠢ ᠡᠵᠡᠮᠰᠢᠵᠤ᠂ ᠵᠤᠭᠢᠬᠤ ᠭᠡᠮᠵᠢᠶᠡᠨ ᠤ ᠰᠤᠷᠭᠠᠨ ᠭᠦᠮᠦᠵᠢᠯ ᠤᠨ ᠣᠬᠠᠭᠠᠨ᠂ ᠰᠠᠳᠭᠢᠴᠠ ᠵᠦᠢ ᠭᠢᠭᠡᠳ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠵᠢᠭᠠᠨ ᠰᠤᠷᠭᠠᠯᠳᠠ ᠶᠢᠨ ᠣᠨᠤᠯ ᠤᠨ ᠰᠠᠭᠤᠷᠢ ᠲᠡᠶ ᠪᠠᠢ᠌ᠪᠠᠯ ᠵᠤᠭᠢᠨ᠎ᠠ᠃ ᠢᠯᠠᠩᠭ᠋ᠤᠶ᠎ᠠ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠪᠠᠭᠰᠢ ᠶᠢᠨ ᠠᠪᠢᠶ᠎ᠠ ᠠᠶᠠᠯᠭᠤ ᠨᠢ ᠵᠦᠪ ᠣᠨᠤᠪᠴᠢᠳᠠᠢ ᠪᠠᠢ᠌ᠬᠤ ᠨᠢ ᠮᠠᠰᠢ ᠴᠢᠬᠤᠯᠠ ᠶᠤᠮ᠃ ᠣᠴᠢᠷ ᠨᠢ ᠪᠠᠭᠰᠢ ᠶᠢᠨ ᠠᠪᠢᠶ᠎ᠠ ᠠᠶᠠᠯᠭᠤ ᠨᠢ ᠪᠣᠷᠤᠭᠤ ᠪᠣᠯ ᠬᠡᠦᠬᠡᠳ ᠤᠨ ᠠᠪᠢᠶ᠎ᠠ ᠠᠶᠠᠯᠭᠤ ᠨᠢ ᠵᠦᠪ ᠪᠠᠢ᠌ᠵᠤ ᠴᠢᠳᠠᠬᠤ ᠦᠭᠡᠶ ᠮᠦᠷᠳᠡᠭᠡᠨ ᠪᠠᠭ᠎ᠠ ᠡᠴᠠ ᠪᠣᠷᠤᠭᠤ ᠠᠪᠢᠶᠠᠯᠠᠵᠤ ᠳᠠᠳᠤᠭᠰᠠᠨ ᠥᠵᠡᠭ᠍ᠳᠡᠯ ᠢ ᠬᠣᠢ᠌ᠰᠢᠳᠠ ᠵᠠᠯᠠᠷᠠᠭᠤᠯᠬᠤ ᠳᠤ ᠳᠤᠩ ᠭᠦᠴᠢᠷ ᠲᠡᠶ ᠶᠤᠮ᠃

ᠬᠤᠶᠠᠷ ᠲᠤ᠂ ᠭᠡᠯᠡ ᠪᠣᠯ ᠬᠠᠷᠢᠯᠴᠠᠭᠠᠨ ᠤ ᠪᠠᠭᠠᠵᠢ ᠭᠡᠳᠡᠭ᠌ ᠢ ᠭᠦᠡᠳᠦᠳᠭᠡᠨ ᠰᠤᠷᠤᠭᠴᠢᠳ ᠲᠤ ᠠᠮᠢᠳᠤᠯᠢᠭ ᠡᠵᠡᠮᠰᠢᠭᠦᠯᠭᠦ ᠭᠡᠷᠡᠭ᠍ᠳᠡᠢ᠃ ᠠᠩᠭ᠍ᠯᠢ ᠭᠡᠯᠡᠨ ᠤ ᠭᠢᠴᠢᠶᠡᠯᠯᠡᠭᠡ ᠳᠡᠭᠡᠷ᠎ᠡ ᠰᠤᠷᠤᠭᠴᠢᠳ ᠤᠨ ᠰᠤᠷᠬᠤ ᠣᠷᠮ᠎ᠠ ᠪᠠᠬ᠎ᠠ ᠶᠢ ᠭᠦᠭ᠍ᠵᠢᠭᠡᠭᠦ ᠰᠢᠨ᠎ᠠ ᠰᠡᠪᠠᠭᠦᠨ ᠠᠷᠭ᠎ᠠ ᠠᠪᠴᠢᠯ ᠢ ᠴᠠᠭ ᠢᠮᠠᠭᠳᠠ ᠡᠷᠢᠯᠭᠢᠯᠡᠨ ᠪᠠᠢ᠌ᠬᠤ ᠡᠴᠠ ᠭᠠᠳᠠᠨ᠎ᠠ ᠭᠡᠯᠡᠭᠦ ᠰᠤᠨᠤᠰᠬᠤ᠂ ᠣᠩᠰᠢᠬᠤ᠂ ᠪᠢᠴᠢᠭᠦ ᠳᠦᠷᠪᠠᠨ ᠦᠨᠳᠦᠰᠦᠨ ᠪᠣᠯᠪᠠᠰᠤᠷᠠᠯ ᠶᠢᠡᠷ ᠭᠤᠤᠯᠳᠠᠯᠭ᠎ᠠ ᠪᠣᠯᠭᠠᠬᠤ ᠶᠢ ᠠᠩᠬᠠᠷᠬᠤ ᠭᠡᠷᠡᠭ᠍ᠳᠡᠢ᠃ ᠮᠤᠩᠭ᠋ᠤᠯ ᠭᠦᠮᠤᠨ ᠤ ᠭᠡᠯᠡᠨ ᠤ ᠣᠷᠠᠯᠢᠭ ᠪᠠ ᠮᠤᠩᠭ᠋ᠤᠯ ᠭᠡᠯᠡᠨ ᠤ ᠠᠪᠢᠶ᠎ᠠ ᠪᠦᠷᠢᠨ ᠭᠦᠢᠴᠡᠳ ᠣᠠᠴᠠᠯᠢᠭ ᠢ ᠠᠳᠬᠤᠵᠤ ᠠᠩᠭ᠍ᠯᠢ ᠭᠡᠯᠡᠨ ᠤ ᠠᠪᠢᠶᠠᠯᠠᠬᠤ ᠣᠷ᠎ᠠ ᠮᠡᠷᠭᠡᠵᠢᠯ ᠢ ᠳᠡᠭᠡᠭ᠍ᠰᠢᠯᠡᠭᠦᠯᠭᠦ ᠶᠢᠨ ᠲᠦᠯᠦᠭᠡ ᠭᠡᠯᠡ ᠪᠣᠯᠪᠠᠰᠤᠷᠠᠬᠤ ᠥᠭᠡᠰ ᠢ ᠣᠯᠠᠨ ᠴᠡᠭᠡᠵᠢᠯᠡᠭᠦᠯᠵᠤ ᠭᠡᠯᠡᠨ ᠤ ᠪᠣᠯᠪᠠᠰᠤᠷᠠᠯ ᠬᠤᠷᠠᠮᠳᠤᠭᠤᠯᠭ᠎ᠠ ᠶᠢ ᠨᠡᠮᠡᠭ᠍ᠳᠡᠭᠦᠯᠭᠦ ᠭᠡᠷᠡᠭ᠍ᠳᠡᠢ᠃ ᠭᠡᠭᠦ ᠳᠡᠭᠡᠨ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠠᠭᠤᠯᠭ᠎ᠠ ᠭᠤᠤᠯ ᠨᠢ ᠡᠳᠦᠷ ᠳᠤᠳᠤᠮ ᠤᠨ ᠠᠮᠢᠳᠤᠷᠠᠯ ᠳ᠋ᠠᠭᠢ ᠨᠠᠷ᠎ᠠ ᠳᠠᠭᠤᠳᠠᠯᠭ᠎ᠠ ᠶᠢᠨ ᠥᠭᠡᠰ ᠪᠠᠢ᠌ᠳᠠᠭ ᠣᠠᠴᠠᠯᠢᠭ ᠢ ᠠᠳᠬᠤᠵᠤ ᠵᠠᠷᠢᠮ ᠨᠠᠷ᠎ᠠ ᠳᠠᠭᠤᠳᠠᠯᠭ᠎ᠠ ᠶᠢ ᠣᠷᠴᠢᠭᠤᠯᠬᠤ ᠦᠭᠡᠶ ᠪᠠᠷ ᠰᠢᠭᠤᠳ ᠵᠢᠭᠡᠯᠡᠯᠭᠡ ᠥᠭᠡᠨ ᠤ ᠭᠡᠯᠪᠠᠷᠢ ᠪᠠᠷ ᠨᠢ ᠭᠡᠷᠡᠭᠯᠡᠵᠤ ᠰᠤᠷᠭᠠᠬᠤ ᠭᠡᠷᠡᠭ᠍ᠳᠡᠢ᠂ ᠢᠩᠭᠢᠪᠠᠯ ᠠᠩᠭ᠍ᠯᠢ ᠭᠡᠯᠡ ᠪᠠᠨ ᠳᠡᠭᠡᠭ᠍ᠰᠢ ᠭᠦᠡᠵᠡᠭᠡᠢ᠌ᠷᠡᠭᠦᠯᠤᠨ ᠰᠤᠷᠬᠤ ᠳ᠋ᠤᠨᠢ ᠪᠠᠭᠠᠵᠢ ᠲᠡᠶ ᠪᠣᠯᠭᠠᠵᠤ ᠬᠠᠷᠢᠯᠴᠠᠭᠠᠨ ᠤ ᠵᠡᠪᠰᠡᠭ᠌ ᠲᠡᠶ ᠪᠣᠯᠭᠠᠭᠰᠠᠨ ᠳᠤ ᠳᠤᠭᠠᠴᠢᠭᠳᠠᠨ᠎ᠠ᠃

ᠭᠤᠷᠪᠠ ᠳᠤ᠂ ᠪᠠᠭ᠎ᠠ ᠰᠤᠷᠭᠠᠭᠤᠯᠢ ᠶᠢᠨ ᠠᠩᠭ᠍ᠯᠢ ᠭᠡᠯᠡᠨ ᠤ ᠵᠢᠭᠠᠨ ᠰᠤᠷᠭᠠᠯᠳᠠ ᠨᠢ ᠠᠩᠬ᠎ᠠ ᠳᠤᠮᠳᠠᠳᠤ ᠶᠢᠨ ᠵᠢᠭᠠᠨ ᠰᠤᠷᠭᠠᠯᠳᠠ ᠯᠤᠭ᠎ᠠ ᠵᠤᠯᠭᠠᠯᠳᠤᠭᠰᠠᠨ ᠪᠠᠢ᠌ᠬᠤ ᠭᠡᠷᠡᠭ᠍ᠳᠡᠢ᠃ ᠪᠠᠭ᠎ᠠ ᠰᠤᠷᠭᠠᠭᠤᠯᠢ ᠳᠤ ᠭᠠᠳᠠᠭᠠᠳᠤ ᠭᠡᠯᠡ ᠵᠢᠭᠠᠬᠤ ᠳᠤ ᠡᠷᠭᠡᠪᠰᠢ ᠠᠩᠬ᠎ᠠ ᠳᠤᠮᠳᠠᠳᠤ ᠶᠢᠨ ᠭᠠᠳᠠᠭᠠᠳᠤ ᠭᠡᠯᠡᠨ ᠤ ᠵᠢᠭᠠᠨ ᠰᠤᠷᠭᠠᠯᠳᠠ ᠲᠡᠶ ᠡᠭᠢ ᠰᠡᠭᠦᠯ ᠵᠠᠯᠭᠠᠯᠳᠤᠭᠤᠯᠬᠤ ᠭᠡᠷᠡᠭ᠍ᠳᠡᠢ᠃ ᠭᠡᠷᠪᠡ ᠳᠠᠢ᠌ᠮᠤ ᠪᠢᠰᠢ ᠪᠣᠯ ᠪᠠᠭ᠎ᠠ ᠰᠤᠷᠭᠠᠭᠤᠯᠢ ᠡᠴᠠ ᠪᠠᠨ ᠠᠩᠬ᠎ᠠ ᠳᠤᠮᠳᠠᠳᠤ ᠳᠤ ᠳᠠᠪᠰᠢᠭᠰᠠᠨ ᠤ ᠬᠣᠢ᠌ᠨ᠎ᠠ ᠰᠤᠷᠤᠭᠠᠤᠨ ᠥᠩᠭᠡᠷᠡᠭ᠍ᠰᠡᠨ ᠠᠩᠭ᠍ᠯᠢ ᠭᠡᠯᠡ ᠪᠠᠨ ᠳᠠᠭᠢᠨ ᠳᠠᠪᠳᠠᠨ ᠰᠤᠷᠬᠤ ᠳᠤ ᠭᠦᠷᠤᠨ᠎ᠡ᠃ ᠡᠨᠡ ᠨᠢ ᠭᠦᠮᠤᠨ ᠤ ᠭᠦᠴᠤᠨ᠂ ᠪᠣᠳᠠᠰ ᠤᠨ ᠭᠦᠴᠤᠨ ᠭᠢᠭᠡᠳ ᠴᠠᠭ ᠤᠨ ᠳᠠᠯ᠎ᠠ ᠪᠠᠷ ᠮᠠᠰᠢ ᠶᠡᠭᠡ ᠭᠠᠷᠤᠵᠠ ᠲᠡᠶ ᠪᠣᠯᠬᠤ ᠮᠦᠷᠳᠡᠭᠡᠨ ᠨᠠᠩ ᠢᠯᠠᠩᠭ᠋ᠤᠶ᠎ᠠ ᠪᠠᠭ᠎ᠠ ᠰᠤᠷᠭᠠᠭᠤᠯᠢ ᠳᠠᠭᠠᠨ ᠨᠢᠭᠡᠨᠲᠡ ᠰᠤᠷᠴᠤ ᠥᠩᠭᠡᠷᠡᠭ᠍ᠰᠡᠨ ᠰᠤᠷᠤᠭᠴᠢᠳ ᠲᠤ ᠠᠪᠴᠤ ᠭᠡᠯᠡᠪᠠᠯ ᠳᠠᠩ ᠴᠤᠯᠭᠤᠢ ᠮᠸᠬᠠᠨᠢᠭ ᠳᠠᠪᠳᠠᠯᠳᠠ ᠳᠠᠳᠤᠢ ᠪᠣᠯᠵᠤ ᠠᠮᠳᠠ ᠰᠢᠮᠳᠠ ᠦᠭᠡᠶ ᠰᠠᠨᠠᠭᠳᠠᠨ ᠰᠤᠷᠤᠯᠴᠠᠬᠤ ᠣᠷᠮ᠎ᠠ ᠵᠤᠷᠢᠭ ᠢ ᠨᠢ ᠬᠤᠭᠤᠯᠬᠤ ᠳᠤ ᠭᠦᠷᠦᠨ᠎ᠡ᠃

ᠳᠦᠷᠪᠠ ᠳᠤ᠂ ᠠᠩᠭ᠍ᠯᠢ ᠭᠡᠯᠡ ᠰᠤᠷᠤᠯᠴᠠᠬᠤ ᠣᠷᠴᠢᠨ ᠳᠤᠭᠤᠷᠢᠨ ᠡᠭᠦᠳᠴᠤ ᠦᠭ‍ᠭᠦ ᠶᠢ ᠠᠩᠬᠠᠷᠬᠤ ᠭᠡᠷᠡᠭ᠍ᠳᠡᠢ᠃ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠳᠠ ᠶᠢᠨ ᠭᠡᠯᠪᠠᠷᠢ ᠨᠢ ᠠᠮᠢᠳᠤ ᠴᠤᠪᠣᠭᠤᠯᠢᠭ᠂ ᠰᠢᠭᠤᠳ ᠥᠵᠡᠭᠦᠢ ᠶᠢ ᠱᠠᠭᠠᠷᠳᠠᠬᠤ ᠪᠦᠭᠡᠳ ᠥᠭᠡ ᠶᠠᠷᠢᠶᠠᠨ ᠤ ᠭᠦᠳᠡᠯᠭᠡᠭᠡᠨ ᠤ ᠭᠡᠯᠪᠠᠷᠢ ᠶᠢᠨ ᠳᠠᠯ᠎ᠠ ᠪᠠᠷ ᠰᠤᠨᠤᠰᠬᠤ᠂ ᠶᠠᠷᠢᠬᠤ᠂ ᠳᠠᠭᠤᠯᠠᠬᠤ᠂ ᠳᠤᠭᠯᠠᠬᠤ᠂ ᠣᠷᠤᠯᠳᠤᠬᠤ ᠪᠠᠷ ᠭᠤᠤᠯᠯᠠᠳᠠᠭ ᠳᠤᠯᠠ ᠳᠠᠭᠤᠤ ᠰᠢᠩᠭᠡᠭᠡᠭ᠍ᠴᠢ᠂ ᠳᠤᠰᠬᠠᠭᠤᠷ᠂ ᠵᠢᠷᠤᠭᠳᠤ ᠺᠠᠷᠲ᠋ ᠵᠡᠷᠭᠡ ᠮᠠᠰᠢ ᠣᠯᠠᠨ ᠥᠵᠡᠭᠦᠯᠭᠦ ᠳᠠᠨᠢᠭᠤᠯᠬᠤ ᠪᠠᠭᠠᠵᠢ ᠱᠠᠭᠠᠷᠳᠠᠭᠳᠠᠨ᠎ᠠ᠃ ᠡᠳᠡᠭᠡᠷ ᠪᠠᠭᠠᠵᠢ ᠪᠠᠨ ᠠᠰᠢᠭᠯᠠᠬᠤ ᠳᠤ ᠠᠩᠭ᠍ᠯᠢ ᠭᠡᠯᠡᠨ ᠤ ᠭᠦᠳᠡᠯᠭᠡᠭᠡᠨ ᠳᠤ ᠵᠤᠷᠢᠭᠤᠯᠤᠭᠰᠠᠨ ᠳᠤᠰᠬᠠᠢ ᠭᠢᠴᠢᠶᠠᠯ ᠤᠨ ᠭᠡᠷ ᠱᠠᠭᠠᠷᠳᠠᠭᠳᠠᠨ᠎ᠠ᠃ ᠡᠢ᠌ᠮᠤ ᠡᠴᠠ ᠵᠥᠪᠭᠡᠨ ᠣᠯᠳᠠᠭᠰᠠᠨ ᠭᠡᠳᠤᠨ ᠭᠢᠴᠢᠶᠠᠯ ᠤᠨ ᠪᠢᠴᠢᠭ᠌᠂ ᠣ ᠶᠢᠨ ᠪᠢᠷ ᠶᠢᠡᠷ ᠠᠷᠭᠠᠯᠠᠳᠠᠭ ᠭᠢᠴᠢᠶᠠᠯ ᠤᠨ ᠭᠡᠷ ᠡᠴᠠ ᠪᠠᠨ ᠭᠠᠳᠠᠨ᠎ᠠ ᠪᠠᠰᠠ ᠵᠦᠢ ᠵᠤᠭᠢᠰᠳᠠᠢ ᠭᠦᠳᠡᠯᠭᠡᠭᠡᠨ ᠳᠤᠭᠢᠷᠠᠭᠤᠯᠬᠤ ᠪᠣᠶᠤ ᠳᠤᠭᠣᠢ᠌ᠯᠠᠩ ᠬᠤᠪᠢᠶᠠᠨ ᠭᠦᠳᠡᠯᠭᠡᠭᠡᠨ ᠢ ᠣᠯᠠᠨ ᠶᠠᠩᠵᠤ ᠪᠠᠷ ᠭᠢᠵᠤ ᠠᠩᠭ᠍ᠯᠢ ᠭᠡᠯᠡ ᠰᠤᠷᠬᠤ ᠣᠷᠴᠢᠨ ᠳᠤᠭᠤᠷᠢᠨ ᠡᠭᠦᠳᠴᠤ ᠦᠭ‍ᠭᠦ ᠨᠢ ᠴᠢᠬᠤᠯᠠ᠃ ᠨᠠᠩ ᠰᠤᠷᠬᠤ ᠪᠢᠴᠢᠭ᠌ ᠲᠡᠶ ᠪᠠᠨ ᠳᠤᠭᠢᠷᠠᠯᠴᠠᠭᠰᠠᠨ ᠳᠠᠭᠤᠤ ᠰᠢᠩᠭᠡᠭᠡᠯᠳᠡ ᠪᠣᠶᠤ ᠳᠦᠷᠢ ᠰᠢᠩᠭᠡᠭᠡᠯᠳᠡ ᠬᠠᠩᠭ᠋ᠠᠵᠤ ᠭᠢᠴᠢᠶᠡᠯᠯᠡᠭᠡ ᠳᠤ ᠳᠦᠭᠦᠮ ᠨᠥᠭᠦᠴᠡᠯ ᠬᠠᠩᠭ᠋ᠠᠵᠤ ᠰᠤᠷᠤᠭᠴᠢᠳ ᠢ ᠠᠩᠭ᠍ᠯᠢ ᠭᠡᠯᠡ ᠰᠤᠷᠬᠤ ᠳᠦᠲᠡ ᠵᠠᠮ ᠳᠤ ᠭᠦᠳᠦᠯᠭᠦ ᠭᠡᠷᠡᠭ᠍ᠳᠡᠢ᠃

ᠳᠠᠪᠣ ᠳᠤ᠂ ᠮᠤᠩᠭ᠋ᠤᠯ ᠭᠡᠯᠡ ᠵᠦᠢ ᠪᠠᠨ ᠣᠷᠢᠳᠠᠪᠠᠷ ᠰᠠᠢ᠌ᠨ ᠡᠵᠡᠮᠰᠢᠭᠦᠯᠦᠭ᠍ᠰᠡᠨ ᠪᠠᠢ᠌ᠬᠤ ᠭᠡᠷᠡᠭ᠍ᠳᠡᠢ᠃ ᠠᠩᠭ᠍ᠯᠢ ᠭᠡᠯᠡ ᠶᠢ ᠭᠦᠡᠵᠡᠭᠡᠢ᠌ᠷᠡᠨ ᠰᠤᠷᠬᠤ ᠶᠢ ᠳᠠᠭᠠᠯᠳᠤᠨ ᠭᠡᠯᠡ ᠵᠦᠢ ᠶᠢᠨ ᠠᠰᠠᠭᠤᠳᠠᠯ ᠠᠶᠠᠠᠳᠠᠭᠠᠨ ᠭᠠᠷᠴᠤ ᠢᠷᠡᠳᠡᠭ᠌᠃ ᠭᠡᠭᠦ ᠳᠡᠭᠡᠨ ᠮᠤᠩᠭ᠋ᠤᠯ ᠭᠡᠯᠡ ᠪᠠ ᠠᠩᠭ᠍ᠯᠢ ᠭᠡᠯᠡᠨ ᠤ ᠥᠭᠡ ᠵᠦᠢ ᠶᠢᠨ ᠰᠢᠠᠵᠢ ᠪᠠ ᠥᠭᠦᠯᠡᠪᠦᠷᠢ ᠵᠦᠢ ᠶᠢᠨ ᠪᠠᠢ᠌ᠳᠠᠯ ᠨᠢ ᠨᠠᠯᠢᠶᠠᠤᠨ ᠳᠦᠰᠦᠭᠡᠳᠡᠢ ᠭᠠᠵᠠᠷ ᠣᠯᠠᠨ ᠪᠠᠢ᠌ᠳᠠᠭ ᠣᠠᠴᠠᠯᠢᠭ ᠲᠡᠶ᠃ ᠡᠭᠦᠨ ᠳᠤ ᠳᠦᠷᠤᠯᠭᠢ ᠮᠤᠩᠭ᠋ᠤᠯ ᠭᠡᠯᠡ ᠵᠦᠢ ᠪᠠᠨ ᠣᠷᠢᠳᠠᠪᠠᠷ ᠰᠠᠢ᠌ᠳᠤᠷ ᠡᠵᠡᠮᠰᠢᠭᠦ ᠨᠢ ᠳᠤᠩ ᠴᠢᠬᠤᠯᠠ᠃ ᠡᠢ᠌ᠮᠤ ᠡᠴᠠ ᠰᠤᠷᠬᠤ ᠪᠢᠴᠢᠭ᠌ ᠨᠠᠢ᠌ᠷᠠᠭᠤᠯᠤᠭᠴᠢᠳ ᠴᠤ ᠵᠠᠪᠠᠯ ᠮᠤᠩᠭ᠋ᠤᠯ ᠭᠡᠯᠡ ᠪᠠ ᠠᠩᠭ᠍ᠯᠢ ᠭᠡᠯᠡ ᠶᠢ ᠬᠠᠷᠢᠴᠠᠭᠤᠯᠵᠤ ᠪᠠᠢ᠌ᠭᠠᠤᠨ ᠬᠤᠶᠠᠷ ᠭᠡᠯᠡ ᠶᠢ ᠰᠤᠷᠬᠤ ᠳᠤ ᠠᠯᠢ ᠠᠯᠢ ᠳ᠋ᠤᠨᠢ ᠠᠰᠢᠭ ᠲᠡᠶ ᠪᠠᠢ᠌ᠳᠠᠭ ᠬᠠᠮᠢᠶ᠎ᠠ ᠪᠦᠭᠦᠢ ᠭᠡᠯᠡ ᠵᠦᠢ ᠶᠢᠨ ᠮᠡᠳᠡᠯᠭᠡ. ᠶᠢ ᠬᠠᠷᠠᠭᠠᠯᠵᠠᠭᠤᠯᠤᠨ ᠨᠠᠢ᠌ᠷᠠᠭᠤᠯᠬᠤ ᠶᠢ ᠠᠩᠬᠠᠷᠤᠨ ᠭᠡᠴᠢᠶᠡᠭ᠍ᠰᠡᠨ ᠪᠠᠢ᠌ᠬᠤ ᠭᠡᠷᠡᠭ᠍ᠳᠡᠢ᠃ ᠮᠦᠨ ᠴᠤ ᠠᠩᠭ᠍ᠯᠢ ᠭᠡᠯᠡ ᠵᠢᠭᠠᠭᠴᠢ ᠪᠠᠭᠰᠢ ᠡᠷᠭᠡᠪᠰᠢ ᠮᠤᠩᠭ᠋ᠤᠯ ᠭᠦᠮᠤᠨ ᠪᠠᠢ᠌ᠵᠤ᠂ ᠮᠤᠩᠭ᠋ᠤᠯ ᠭᠡᠯᠡ ᠪᠠ ᠠᠩᠭ᠍ᠯᠢ ᠭᠡᠯᠡᠨ ᠤ ᠭᠡᠯᠡ ᠵᠦᠢ ᠶᠢᠨ ᠳᠤᠰᠬᠠᠢ ᠪᠣᠯᠪᠠᠰᠤᠷᠠᠯ ᠲᠡᠶ ᠪᠠᠭᠰᠢ ᠪᠠᠢ᠌ᠬᠤ ᠭᠡᠷᠡᠭ᠍ᠳᠡᠢ᠃


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠠᠢ᠌ᠮᠠᠭ ᠤᠨ ᠣᠯᠠᠭᠠᠠᠬᠤᠳᠠ ᠶᠢᠨ ᠮᠤᠩᠭ᠋ᠤᠯ ᠪᠠᠭ᠎ᠠ ᠰᠤᠷᠭᠠᠭᠤᠯᠢ

ᠵᠤᠬᠢᠶᠠᠭᠴᠢ᠄ ᠹᠦ᠋ ᠮᠸᠢ ᠯᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 11700
ᠴᠠᠭ᠄ 2013 ᠤᠨ ᠤ 05 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ