ᠨᠡᠪᠲᠡᠷᠡᠨ ᠤᠷᠤᠬᠤ
ᠵᠡᠭᠦᠳᠤᠨ ᠳᠤ ᠢᠷᠡᠭ᠍ᠰᠡᠨ ᠠᠳᠤᠭᠤ

ᠨᠢᠳᠤᠷᠭᠠᠨ ᠦᠶ᠎ᠡ ᠰᠢᠭ᠌ ᠥᠶᠡᠯᠵᠡᠭ᠍ᠰᠡᠨ

ᠳᠡᠷᠳᠡᠭᠡ ᠠᠭᠤᠯᠠ ᠶᠢᠨ ᠠᠮᠠ ᠪᠠᠷ

《ᠨᠢᠭᠤᠴᠠ ᠳᠤᠪᠴᠢᠶᠠᠨ》 ᠤ ᠠᠳᠤᠭᠤ

ᠳᠠᠪᠭᠢᠯᠳᠤᠨ ᠪᠣᠢ ᠪᠠᠷ ᠬᠠᠷᠠᠭᠳᠠᠨ᠎ᠠ

ᠴᠢᠩᠭᠢᠰ ᠤᠨ ᠠᠯᠳᠠᠨ ᠡᠮᠡᠭᠡᠯ ᠶᠢᠡᠷ

ᠬᠤᠷᠤᠢ ᠳᠠᠭᠤᠳᠠᠨ ᠠᠷᠭᠠᠳᠠᠵᠤ

ᠴᠡᠩᠭᠡᠷ ᠨᠤᠭᠤᠭᠠᠨ ᠳᠠᠯ᠎ᠠ ᠪᠠᠨ

ᠳᠤᠭᠤᠴᠠᠨ ᠪᠣᠢ ᠪᠠᠷ ᠰᠠᠨᠠᠭᠠᠯᠵᠠᠨ᠎ᠠ᠃


ᠠᠳᠤᠭᠤᠨ ᠵᠢᠰᠤᠮ ᠤᠨ ᠠᠭᠤᠯᠠᠰ

ᠨᠠᠷᠠᠨ ᠡᠴᠡ ᠢᠠᠴᠠᠭᠠᠯᠳᠤᠨ ᠣᠷᠭᠤᠵᠤ

ᠠᠷᠪᠠᠨ ᠭᠤᠷᠪᠠᠳᠤᠭᠠᠷ ᠵᠠᠭᠤᠨ

ᠨᠠᠮᠢ᠋ᠢ ᠡᠭᠢᠯᠡᠵᠤ ᠠᠰᠠᠭᠠᠨ᠎ᠠ᠃

ᠮᠦᠷᠦᠭᠡᠳᠦᠭᠦ ᠳ᠋ᠤ

ᠮᠦᠩᠭᠦᠨ ᠬᠠᠵᠠᠭᠠᠷ ᠨᠢ ᠬᠠᠩᠭᠢᠨᠠᠵᠤ

ᠮᠤᠷᠳᠠᠬᠤ ᠳ᠋ᠤ

ᠮᠤᠷᠢ ᠮᠢᠨᠢ ᠵᠦᠪ ᠡᠷᠭᠢᠨ᠎ᠡ᠃


ᠳᠤᠭ ᠨᠣᠢ᠌ᠷ ᠲᠠᠭᠠᠨ ᠪᠢ

ᠳᠤᠭ ᠠᠳᠬᠤᠨ ᠳᠠᠪᠭᠢᠨ᠎ᠠ

ᠳᠤᠮᠳᠠ ᠰᠦᠨᠢ ᠶᠢᠨ ᠵᠡᠭᠦᠳᠤᠨ ᠳ᠋ᠡᠭᠡᠨ

ᠳᠤᠭᠠᠯᠠᠯ ᠠᠷᠭᠠᠳᠠᠵᠤ ᠳᠠᠪᠭᠢᠨ᠎ᠠ᠃

ᠳᠡᠦᠭᠡ ᠣᠷᠤᠭᠤ

ᠳᠠᠰᠢᠭᠤᠷ ᠨᠠᠮᠠᠨ ᠳᠠᠪᠭᠢᠨ᠎ᠠ

ᠲᠦᠮᠡᠨ ᠠᠳᠤᠭᠤ ᠪᠠᠨ ᠬᠤᠷᠢᠶᠠᠭᠠᠤᠨ

ᠳᠠᠯ᠎ᠠ ᠨᠤᠳᠤᠭ ᠲᠠᠭᠠᠨ ᠪᠣᠴᠠᠨ᠎ᠠ ᠡ᠃


          2009.8.16 ᠱᠠᠩᠳᠤ ᠪᠠᠯᠭᠠᠰᠤᠨ᠎ᠠ



ᠵᠤᠬᠢᠶᠠᠭᠴᠢ ᠶᠢᠨ ᠬᠠᠶ‍ᠢᠭ ᠄ ᠰᠢᠯᠤᠭᠤᠨ ᠭᠦᠭᠡ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠴᠤᠭᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2640
ᠴᠠᠭ᠄ 2010 ᠤᠨ ᠤ 09 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ