☆ ᠭᠦᠭᠡᠠ᠋ᠭᠤᠯᠠ
ᠪᠠᠭᠰᠢ
ᠥᠭᠡᠰ ᠤᠨ ᠠᠢ᠌ᠮᠠᠭ ᠤᠨ ᠳᠤᠳᠤᠷ᠎ᠠ
ᠡᠩ ᠤᠨ ᠨᠢᠭᠡ ᠭᠡᠰᠢᠭᠦᠨ
ᠨᠡᠢ᠌ᠭᠡᠮ ᠪᠠᠢ᠌ᠭᠠᠯᠢ ᠶᠢᠨ ᠭᠦᠡᠳᠤ ᠶᠢᠨ ᠵᠢᠩ ᠳᠤ
ᠠᠯᠳᠠ ᠶᠢᠨ ᠴᠢᠨᠠᠷᠳᠠᠢ ᠨᠠᠷᠠ ᠥᠭᠡ
ᠰᠡᠳᠭᠢᠯ ᠤᠨ ᠭᠦᠷᠦᠰᠤᠨ ᠳᠤ ᠪᠠᠨ
ᠴᠡᠮᠴᠡᠭᠡᠷ ᠨᠠᠭᠢᠶ᠎ᠠ ᠪᠠᠨ ᠰᠤᠶᠤᠭᠠᠯᠠᠭᠤᠯᠵᠤ
ᠪᠣᠳᠤᠯ ᠤᠨ ᠨᠥᠮᠵᠦᠭ᠌ ᠬᠤᠷ᠎ᠠ ᠪᠠᠷ ᠶᠢᠡᠨ
ᠢᠷᠡᠭᠡᠳᠦᠢ ᠶᠢᠨ ᠨᠠᠷᠠ ᠪᠠᠨ ᠣᠭᠵᠢᠨᠠ
ᠭᠢᠴᠢᠶᠡᠯᠯᠡᠭᠡ ᠶᠢᠨ ᠳᠠᠢ᠌ᠰᠠᠨ ᠳᠤ
ᠨᠠᠷᠠᠰᠤ ᠰᠢᠭ ᠨᠤᠭᠤᠭᠠᠷᠠᠵᠤ
ᠭᠦᠮᠤᠨ ᠵᠤᠨ ᠤ ᠪᠠᠨ ᠭᠦᠰᠡᠯ ᠳᠤ
ᠭᠦᠰᠢᠶ᠎ᠡ ᠰᠦᠨᠳᠠᠷᠯᠠᠨ ᠵᠤᠭᠰᠤᠨ᠎ᠠ
ᠣ ᠶᠢᠨ ᠪᠢᠷ ᠤᠨ ᠦᠷᠢᠳᠠᠰᠤ ᠡᠴᠡ ᠨᠢ
ᠰᠡᠳᠭᠢᠯ ᠤᠨ ᠴᠢᠰᠤ ᠨᠢ ᠰᠠᠳᠠᠭᠠᠨᠠᠨᠠ
ᠢᠳᠡᠭᠡᠯ ᠤᠨ ᠬᠤᠷ᠎ᠠ ᠵᠦᠰᠠᠷᠠᠨ᠎ᠠ
ᠢᠷᠡᠭᠡᠳᠦᠢ ᠶᠢᠨ ᠭᠡᠭᠡ ᠴᠠᠢ᠌ᠷᠠᠨ᠎ᠠ
ᠵᠢᠭᠦᠷ ᠰᠤᠳᠤ ᠨᠢ ᠪᠦᠷᠢᠳᠦᠭ᠍ᠰᠡᠨ ᠠᠩᠭ᠋ᠠᠬᠠᠢ ᠨᠣᠭᠤᠳ
ᠵᠢᠭᠦᠷᠯᠡᠨ ᠨᠢᠰᠴᠤ ᠨᠡᠭᠦᠳᠡᠯᠯᠡᠨ ᠵᠡᠯᠡᠯᠡᠭᠦ ᠳᠤ
ᠵᠢᠷᠦᠭᠡᠨ ᠤ ᠭᠢᠨᠢ ᠳᠤᠰᠤᠯ ᠴᠢᠰᠤ ᠨᠢ ᠰᠢᠩᠭᠡᠷᠡᠵᠤ
ᠵᠠᠵᠢᠨ ᠤ ᠭᠢᠨᠢ ᠦᠰᠦ ᠨᠢ ᠴᠠᠢ᠌ᠷᠠᠨ᠎ᠠ
ᠡᠳᠦᠷ ᠬᠤᠨᠤᠭ ᠤᠳ
ᠭᠢᠴᠢᠶᠠᠯ ᠤᠨ ᠳᠠᠪᠳᠠᠷ ᠤᠨ ᠨᠢᠭᠤᠷ ᠶᠢᠡᠷ ᠣᠷᠪᠠᠭᠤᠯᠤᠭᠳᠠᠨᠠ
ᠡᠴᠦᠰ ᠤᠨ ᠨᠢᠭᠡ ᠨᠢᠭᠤᠷ ᠲᠤ ᠨᠢ
ᠭᠦᠭᠡᠷᠦᠭᠦᠨ ᠴᠡᠴᠡᠭᠡᠰ ᠮᠥᠰᠢᠶᠡᠴᠢᠭᠡᠭ᠍ᠰᠡᠨ ᠳᠡᠯᠭᠡᠷᠡᠨ᠎ᠡ
ᠵᠤᠬᠢᠶᠠᠭᠴᠢ ᠶᠢᠨ ᠬᠠᠶᠢᠭ ᠄ ᠭᠠᠬᠠᠢ᠌ᠳᠤ ᠳᠤᠮᠳᠠᠳᠤ ᠰᠤᠷᠭᠠᠭᠤᠯᠢ
ᠵᠤᠬᠢᠶᠠᠭᠴᠢ᠄ ᠭᠦᠭᠡᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 01 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ