ᠨᠡᠪᠲᠡᠷᠡᠨ ᠤᠷᠤᠬᠤ
ᠵᠥᠭᠡᠯᠡᠨ ᠰᠢᠪᠠᠨᠡᠭᠡ

ᠳᠤᠰᠤᠯᠬᠤ ᠦᠭᠡᠶ ᠴᠡᠴᠡᠭᠡᠰ ᠤᠨ ᠰᠢᠭᠦᠳᠡᠷᠢ ᠵᠢ

ᠠᠯᠳᠠᠷᠠᠭᠠᠵᠤ ᠣᠷᠭᠢᠭᠰᠠᠨ ᠭᠤᠳᠤᠯ ᠤᠨ ᠲᠦᠷᠡᠢ᠂

ᠳᠤᠮᠳᠠᠷᠠᠬᠤ ᠦᠭᠡᠶ ᠰᠡᠳᠭᠢᠯ ᠤᠨ ᠭᠢᠷᠠᠭᠤ ᠵᠢ

ᠠᠮᠢᠯᠠᠭᠤᠯᠵᠤ ᠰᠡᠷᠭᠦᠭᠡᠭ᠍ᠰᠡᠨ ᠠᠮᠠᠷᠠᠭ ᠤᠨ ᠰᠢᠪᠠᠨᠡᠭᠡ ᠁


ᠳᠤᠪ ᠳᠤᠯᠠᠭᠠᠬᠠᠨ ᠰᠡᠳᠭᠢᠯ ᠤᠨ ᠰᠢᠪᠠᠨᠡᠭᠡ

ᠳᠤᠤᠯᠢᠮ᠎ᠠ ᠬᠤᠷᠸ᠎ᠠ ᠳᠤ ᠢᠪᠠᠭᠡᠭ᠍ᠰᠡᠨ ᠠᠮᠠᠷᠠᠭ ᠤᠨ ᠮᠢᠨᠢ ᠬᠠᠢ᠌ᠷ᠎ᠠ ᠪᠠᠢ᠌ᠯ᠎ᠠ᠂

ᠴᠠᠪ ᠴᠡᠮᠴᠡᠭᠡᠷᠭᠡᠨ ᠵᠥᠭᠡᠯᠡᠨ ᠰᠢᠪᠠᠨᠠᠯ

ᠣᠶᠠᠷᠠᠮ᠎ᠠ ᠬᠤᠷᠸ᠎ᠠ ᠳᠤ ᠠᠭᠤᠰᠤᠯᠴᠠᠭᠰᠠᠨ ᠠᠮᠠᠷᠠᠭ ᠤᠨ ᠮᠢᠨᠢ ᠰᠡᠳᠭᠢᠯ ᠪᠠᠢ᠌ᠯ᠎ᠠ ᠁


ᠳᠤᠭᠣᠢ᠌ᠯᠠᠵᠤ ᠡᠷᠭᠡᠯᠡᠨ ᠴᠢᠭᠢᠨ ᠳᠤ ᠮᠢᠨᠢ ᠰᠢᠪᠠᠨᠡᠭᠦ ᠳ᠋ᠡᠭᠡᠨ

ᠳᠤᠰᠤᠯᠠᠬᠤ ᠨᠢᠯᠪᠣᠰᠤ ᠵᠤᠭᠢᠬᠤ ᠦᠭᠡᠶ ᠬᠠᠴᠠᠷ ᠨᠢ ᠣᠯᠠᠢ᠌ᠭᠰᠠᠨ ᠪᠠᠢ᠌ᠯ᠎ᠠ᠂

ᠳᠠᠪᠠᠷᠢᠵᠤ ᠨᠠᠭᠠᠯᠳᠤᠨ ᠳᠡᠷᠭᠡᠳᠡ ᠮᠢᠨᠢ ᠰᠢᠪᠠᠨᠡᠭᠦ ᠳ᠋ᠡᠭᠡᠨ

ᠴᠢᠠᠳᠠᠮᠤᠨᠢ ᠵᠢᠷᠦᠭᠡ ᠨᠢ ᠳᠤᠭᠳᠤᠯᠤᠬᠠᠨ ᠪᠠᠢ᠌ᠯ᠎ᠠ᠂


ᠬᠠᠳᠠᠭᠤ ᠪᠦᠭᠦᠨ ᠬᠠᠢ᠌ᠯᠵᠤ᠂   ᠬᠠᠮᠤᠭ ᠪᠦᠭᠦᠨ ᠣᠶᠠᠷᠠᠮ᠎ᠠ ᠳᠠᠷᠠ ᠰᠢᠪᠠᠨᠡᠭᠡ

ᠬᠠᠵᠠᠭᠤ ᠳᠤ ᠮᠢᠨᠢ ᠣᠠᠳᠤᠷᠤᠭᠰᠠᠨ ᠬᠠᠢ᠌ᠷ᠎ᠠ ᠶᠢᠨ ᠢᠨᠠᠭᠰᠢᠯ ᠪᠠᠢ᠌ᠯ᠎ᠠ᠂

ᠬᠠᠢ᠌ᠷ᠎ᠠ ᠶᠢᠨ ᠦᠨᠦᠷ ᠪᠢᠯᠬᠠᠭᠰᠠᠨ ᠳᠠᠷᠠ ᠰᠢᠪᠠᠨᠡᠭᠡ

ᠬᠠᠷᠢᠨ ᠮᠢᠨᠤ ᠰᠡᠳᠭᠢᠯ ᠢ ᠭᠡᠢ᠌ᠭᠦᠯᠳᠡᠭ᠌ ᠢᠳᠡᠭᠡᠯ ᠪᠢᠯᠠ᠃


ᠵᠦᠪ ᠵᠥᠭᠡᠯᠡᠭᠡᠨ ᠳᠠᠷᠠ ᠯᠠ ᠰᠢᠪᠠᠨᠡᠭᠡ

ᠵᠢᠷᠦᠭᠡ ᠰᠡᠳᠭᠢᠯ ᠢ ᠮᠢᠨᠢ ᠠᠮᠢᠯᠠᠭᠤᠯᠤᠭᠰᠠᠨ ᠵᠢᠷᠭᠠᠯ ᠪᠢᠯᠠ᠂


ᠳᠤᠰᠤᠯᠬᠤ ᠦᠭᠡᠶ ᠴᠡᠴᠡᠭᠡᠰ ᠤᠨ ᠰᠢᠭᠦᠳᠡᠷᠢ ᠵᠢ

ᠠᠯᠳᠠᠷᠠᠭᠠᠵᠤ ᠣᠷᠭᠢᠭᠰᠠᠨ ᠭᠤᠳᠤᠯ ᠤᠨ ᠲᠦᠷᠡᠢ᠂

ᠳᠤᠭᠳᠤᠯᠬᠤ ᠦᠭᠡᠶ ᠰᠡᠳᠭᠢᠯ ᠤᠨ ᠭᠢᠷᠠᠭᠤ ᠵᠢ

ᠠᠮᠢᠯᠠᠭᠤᠯᠵᠤ ᠰᠡᠷᠭᠦᠭᠡᠭ᠍ᠰᠡᠨ ᠠᠮᠠᠷᠠᠭ ᠤᠨ ᠰᠢᠪᠠᠨᠡᠭᠡ ᠁


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠭᠤᠤᠯᠮᠤᠳ ᠬᠤᠳᠠ

ᠵᠤᠬᠢᠶᠠᠭᠴᠢ᠄ ᠪᠦᠷᠵᠢᠭᠢᠨ ᠨᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2646
ᠴᠠᠭ᠄ 2012 ᠤᠨ ᠤ 03 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ