☆ ᠪᠦᠷᠢᠠᠳᠤᠩᠭ᠋ᠠᠯᠠᠭ
ᠥᠩᠭᠡᠷᠡᠵᠤ ᠣᠳᠤᠭᠰᠠᠨ ᠥᠩᠭᠡᠳᠤ ᠡᠭᠦᠯᠡ
ᠰᠠᠯᠭᠢᠨ ᠤ ᠡᠷᠭᠡ ᠪᠠᠷ
ᠰᠠᠠᠰᠠᠷ ᠤᠨ ᠴᠡᠭᠡᠯ ᠶᠢᠡᠷ
ᠰᠠᠨᠠᠭᠠᠨ ᠤ ᠡᠯᠢᠭᠡ ᠣᠶᠠᠰᠬᠠᠨ
ᠨᠢᠭᠡ ᠭᠡᠰᠡᠭ᠌ ᠥᠩᠭᠡᠳᠤ ᠡᠭᠦᠯᠡ
ᠨᠡᠭᠦᠳᠡᠯᠯᠡᠵᠤ ᠶᠠᠪᠣᠨ᠎ᠠ᠃
ᠥᠴᠦᠭᠡᠳᠦᠷ ᠤᠨ ᠪᠣᠳᠤᠭᠰᠠᠨ ᠨᠢᠳᠤ
ᠦᠨᠦᠳᠤᠷ ᠤᠨ ᠬᠠᠪᠣᠭᠰᠠᠨ ᠰᠡᠳᠭᠢᠯ
ᠦᠨᠢ ᠮᠥᠩᠭᠡ ᠳᠤᠷᠠᠰᠤᠯ
ᠨᠢᠯᠪᠣᠰᠤᠷᠠᠭᠤᠯᠵᠤ ᠮᠡᠭ᠍ᠰᠢᠨ᠎ᠡ ᠁
ᠣᠢ ᠶᠢᠨ ᠴᠢᠨᠢ ᠵᠡᠭᠦᠳᠤᠨ ᠡᠴᠡ ᠪᠠᠯᠠᠷᠠᠬᠤ
ᠮᠢᠨᠤ ᠨᠠᠷᠠ ᠶᠢᠨ ᠮᠠᠷᠳᠠᠭᠳᠠᠯ
ᠣᠤᠷ ᠴᠢᠳᠠᠪᠭᠢ ᠪᠠᠷ ᠭᠡᠷᠡᠴᠢᠯᠡᠭ᠍ᠳᠡᠭᠦ
ᠣᠨ ᠵᠠᠭᠤᠨ ᠤ ᠮᠥᠷᠳᠡᠯᠭᠡ ᠪᠣᠶᠤ︖
ᠣᠯᠠᠨ ᠮᠢᠩᠭ᠋ᠠᠨ ᠭᠦᠰᠡᠯ ᠳᠡᠷᠪᠠᠭᠦᠯᠴᠢᠭᠡᠭᠡᠳ
ᠭᠠᠩᠰᠠᠷᠠᠭᠰᠠᠨ
ᠠᠮᠠᠷᠠᠭ ᠴᠠᠭᠠᠨ ᠪᠣᠳᠤᠯ ᠤᠳ ᠮᠢᠨᠢ
ᠣᠷᠴᠢᠯ ᠤᠨ ᠵᠢᠮ᠎ᠠ ᠳᠡᠭᠡᠨ ᠰᠢᠭᠤᠢ ᠳᠤ
ᠮᠠᠨᠠᠭᠳᠠᠭᠰᠠᠨ
ᠠᠯᠢᠶ᠎ᠠ ᠰᠢᠷᠭᠠᠯ ᠪᠦᠷᠦᠢ ᠪᠠᠢ᠌ᠨᠠᠮ ᠡ︕
ᠵᠠᠢ᠌ᠳᠠᠵᠤ ᠣᠳᠤᠭᠰᠠᠨ ᠣᠨ ᠰᠠᠷ᠎ᠠ
ᠵᠢᠭᠤᠳᠠᠵᠤ ᠵᠠᠮᠬᠠᠷᠠᠭᠰᠠᠨ ᠣᠯᠠ ᠮᠦᠷ
ᠪᠣᠯᠭᠢᠵᠤ ᠳᠣᠢ᠌ᠯᠠᠭᠰᠠᠨ ᠠᠮᠢᠳᠤᠷᠠᠯ
ᠪᠣᠰᠤᠭ᠎ᠠ ᠨᠠᠷᠠ ᠲᠡᠶ ᠬᠠᠢ᠌ᠷ᠎ᠠ ᠁
ᠪᠣᠷᠤᠭᠤ ᠰᠢᠩᠭᠡᠭ᠍ᠰᠡᠨ ᠣᠳᠤᠳ ᠊ᠤᠨ
ᠣᠷᠤᠮ ᠳᠤᠭᠠᠯᠠᠵᠤ
ᠪᠣᠮᠠᠨ ᠳᠤᠤᠯᠢ ᠪᠠᠨ
ᠨᠠᠷᠠᠨ ᠤ ᠵᠥᠭ᠌ ᠬᠠᠢ᠌ᠯᠠᠨᠠᠮ︕
ᠰᠠᠢ᠌ᠬᠠᠨ ᠳᠠᠰᠤᠯᠴᠠᠭᠰᠠᠨ ᠦᠨᠢ ᠶᠡᠭᠡ
ᠡ᠊ᠨᠳᠡᠭᠦᠷᠡᠯ ᠤᠨ ᠳᠦᠯᠦᠭᠡ
ᠰᠠᠨᠠᠵᠤ ᠶᠠᠪᠣᠭᠰᠠᠨ ᠳᠤᠷᠠᠯᠠᠯ ᠤᠨ ᠣᠯᠠᠨ
ᠦᠴᠢᠯ ᠤᠨ ᠳᠦᠯᠦᠭᠡ
ᠰᠠᠯᠵᠤ ᠠᠭᠤᠴᠢᠯᠠᠭᠰᠠᠨ ᠨᠢᠯᠪᠣᠰᠤᠳᠠᠢ ᠭᠠᠭᠴᠠ
ᠳᠠᠢ᠌ᠤᠠᠬᠤᠷᠯᠠᠯ ᠤᠨ ᠳᠦᠯᠦᠭᠡ
ᠮᠠᠷᠳᠠᠵᠤ ᠴᠢᠳᠠᠬᠤ ᠦᠭᠡᠶ
ᠠᠭᠤᠤ ᠪᠦᠰᠡᠭᠦᠢ ᠬᠠᠢ᠌ᠷ᠎ᠠ ᠶᠢ ᠴᠢᠨᠢ
ᠮᠠᠷᠳᠠᠬᠤ ᠶᠢᠨ ᠳᠦᠯᠦᠭᠡ
ᠣᠶᠠᠬᠠᠨ ᠵᠦᠰᠠᠷ ᠤᠨ ᠨᠣᠢ᠌ᠳᠠᠨ ᠨᠢᠳᠤ ᠪᠠᠷ
ᠵᠡᠭᠦᠳᠤᠨ ᠤ ᠳᠤᠮᠳᠠ ᠪᠠᠨ
ᠵᠡᠷᠭᠡᠯᠭᠡᠨ ᠪᠣᠯᠭᠠᠵᠤ ᠣᠩᠰᠢᠵᠤ ᠳᠠᠭᠤᠨ᠎ᠠ︕
ᠰᠠᠯᠭᠢᠨ ᠤ ᠡᠷᠭᠡ ᠪᠠᠷ
ᠰᠠᠠᠰᠠᠷ ᠤᠨ ᠴᠡᠭᠡᠯ ᠵᠢᠠᠷ
ᠨᠢᠭᠡ ᠭᠡᠰᠡᠭ᠌ ᠥᠩᠭᠡᠳᠤ ᠡᠭᠦᠯᠡ
ᠰᠠᠨᠠᠭᠠᠨ ᠤ ᠡᠯᠢᠭᠡ ᠣᠶᠠᠰᠬᠠᠨ
ᠨᠡᠭᠦᠵᠤ ᠶᠠᠪᠣᠯ᠎ᠠ ᠁
ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2009 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ