ᠨᠡᠪᠲᠡᠷᠡᠨ ᠤᠷᠤᠬᠤ
ᠭᠠᠷᠴᠠᠭ ᠦᠭᠡᠶ ᠪᠠᠳᠠᠭ

ᠬᠠᠢ᠌ᠷᠠᠳᠠᠢ ᠰᠢᠤ ᠴᠢᠮ᠎ᠠ ᠳᠠᠭᠠᠨ ᠭᠡᠵᠤ ᠭᠡᠯᠡᠮᠡᠷ ᠰᠠᠨᠠᠭᠳᠠᠪᠠᠴᠤ

ᠬᠠᠷᠢᠭᠤ ᠴᠤ ᠦᠭᠡᠶ ᠬᠤᠴᠤᠷᠬᠤ ᠡᠴᠠ ᠪᠠᠨ ᠪᠢ ᠠᠶᠤᠨ᠎ᠠ᠂

ᠬᠤᠨᠤᠭ ᠡᠳᠦᠷ ᠥᠩᠭᠡᠷᠡᠭᠦ ᠶᠢ ᠳᠠᠭᠠᠯᠳᠤᠨ

ᠬᠠᠢ᠌ᠷ᠎ᠠ ᠶᠢᠨ ᠰᠡᠳᠭᠢᠯ ᠮᠢᠨᠢ ᠣᠯᠠᠮ ᠵᠤᠵᠠᠭᠠᠷᠠᠨ᠎ᠠ᠃


ᠰᠡᠳᠭᠢᠯ ᠳᠤ ᠬᠤᠨᠤᠭᠰᠢᠭᠰᠠᠨ ᠭᠤᠶᠤᠬᠠᠨ ᠳᠦᠷᠢ ᠶᠢ ᠴᠢᠨᠢ

ᠰᠡᠮᠭᠡᠨ ᠠᠵᠢᠭᠯᠠᠬᠤ ᠳᠤ ᠬᠠᠢ᠌ᠷ᠎ᠠ ᠳᠤᠳᠤᠷᠠᠨ᠎ᠠ᠂

ᠰᠠᠪ ᠦᠭᠡᠶ ᠠᠷᠢᠭᠤᠨ ᠥᠨᠡᠡᠴᠢᠭᠡᠨ ᠬᠠᠢ᠌ᠷ᠎ᠠ ᠳᠤ ᠮᠢᠨᠢ

ᠰᠡᠭᠦᠳᠡᠷ ᠪᠦᠷᠭᠦᠭᠦ ᠦᠭᠡᠶ ᠴᠡᠯᠮᠡᠭ᠌ ᠪᠠᠢ᠌ᠭᠠᠰᠠᠢ︕


ᠬᠤᠨᠤᠭ ᠡᠳᠦᠷ ᠤᠨ ᠴᠢᠯᠦᠭᠡᠨ ᠳᠤ ᠬᠠᠢ᠌ᠷᠠᠯᠠᠵᠤ ᠰᠠᠨᠠᠳᠠᠭ ᠨᠢ ᠴᠢ

ᠭᠡᠯᠡᠵᠤ ᠢᠯᠡᠳᠭᠡᠵᠤ ᠪᠠᠢ᠌ᠭ᠎ᠠ ᠦᠭᠡᠶ ᠴᠤ ᠰᠡᠮᠭᠡᠨ ᠳᠤᠷᠠᠯᠠᠳᠠᠭ ᠨᠢ ᠴᠢ

ᠰᠡᠳᠭᠢᠯ ᠪᠣᠭᠢᠨᠢᠳᠤᠬᠤ ᠴᠠᠭ ᠲᠤ ᠬᠠᠨᠢ ᠪᠣᠯᠳᠠᠭ ᠨᠢ ᠴᠢ

ᠰᠢᠨᠠᠯᠤᠨ ᠵᠤᠪᠠᠬᠤ ᠴᠠᠭ ᠲᠤ ᠳᠦᠰᠢᠭ᠌ ᠪᠣᠯᠳᠠᠭ ᠨᠢ ᠴᠢ

ᠴᠢᠩ ᠦᠨᠡᠠᠴᠢ ᠰᠡᠳᠭᠢᠯ ᠳᠤ ᠭᠠᠭᠴᠠ ᠪᠠᠢ᠌ᠳᠠᠭ ᠨᠢ ᠴᠢ

ᠴᠢᠮᠡᠭᠡ ᠥᠭᠡᠢ᠌ᠭᠡᠨ ᠬᠠᠢ᠌ᠷ᠎ᠠ ᠪᠠᠷ ᠪᠦᠪᠠᠢ᠌ᠯᠠᠵᠤ ᠶᠠᠪᠣᠳᠠᠭ ᠨᠢ ᠴᠢ

ᠣᠷᠮ᠎ᠠ ᠦᠭᠡᠶ ᠶᠢ ᠴᠢᠨᠢ ᠦᠵᠡᠪᠠᠯ ᠣᠢ᠌ᠤᠠᠬᠠᠷᠯᠠᠬᠤ ᠰᠡᠳᠭᠢᠯ ᠮᠢᠨᠢ ᠣᠶᠠᠷᠠᠭᠤᠨ

ᠣᠬᠠᠭᠠᠨ ᠦᠭᠡᠶ ᠶᠢ ᠴᠢᠨᠢ ᠦᠵᠡᠪᠠᠯ ᠣᠴᠠᠭᠠᠷᠯᠠᠬᠤ ᠰᠡᠳᠭᠢᠯ ᠮᠢᠨᠢ ᠭᠦᠭᠡᠷᠦᠭᠦᠢ︕


ᠰᠡᠳᠭᠢᠯ ᠳᠤ ᠴᠢᠨᠢ ᠥᠭᠡᠷ᠎ᠡ ᠦᠬᠢᠨ ᠲᠡᠶ ᠳᠤ ᠭᠤᠮᠤᠳᠠᠬᠤ ᠪᠠᠷ ᠥᠭᠡᠢ

ᠰᠡᠮᠡᠭᠡᠷ ᠵᠥᠩᠨᠡᠭ᠍ᠰᠡᠨ ᠥᠭᠡᠰ ᠮᠢᠨᠢ ᠰᠠᠯᠭᠢᠨ ᠤ ᠠᠶᠠᠰ ᠪᠠᠷ ᠭᠡᠢ᠌ᠰᠦᠭ᠌︕


ᠠᠩᠬᠠᠨ ᠤ ᠬᠠᠢ᠌ᠷ᠎ᠠ ᠭᠡᠵᠤ ᠭᠡᠴᠡᠭᠦᠭᠡᠨ ᠪᠠᠢ᠌ᠳᠠᠭ ᠪᠣᠯᠬᠤᠷ

ᠠᠮᠠᠷᠠᠭ ᠳᠠᠨ ᠢ ᠪᠠᠨ ᠮᠠᠷᠳᠠᠬᠤ ᠪᠠᠷ ᠦᠭᠡᠶ᠂

ᠠᠮᠢᠠᠴᠢᠬᠠᠨ ᠬᠠᠢ᠌ᠷ᠎ᠠ ᠭᠡᠵᠤ ᠬᠠᠯᠠᠳᠠᠢ ᠪᠠᠢ᠌ᠳᠠᠭ ᠪᠣᠯᠬᠤᠷ

ᠠᠯᠢ ᠣᠯᠠᠨ ᠭᠡᠦᠭᠡᠡᠴᠦᠳ ᠡᠴᠠ ᠬᠠᠷᠠᠮᠨᠠᠬᠤ ᠯᠠ ᠣᠴᠢᠷ ᠲᠡᠶ᠃


ᠡᠷᠢᠶᠡᠨ ᠬᠤᠷᠸ᠎ᠠ ᠶᠢᠨ ᠡᠭᠡᠳᠡᠷᠡᠭᠡᠡᠳᠤ ᠬᠠᠢ᠌ᠷ᠎ᠠ

ᠡᠯᠢᠭᠡ ᠳᠠᠪᠳᠤᠮ᠎ᠠ ᠥᠨᠡᠡᠴᠢᠭᠡᠨ ᠳᠤᠷᠠᠯᠠᠯ ᠢ ᠮᠢᠨᠢ

ᠡᠨᠡᠭᠡᠨ ᠶᠠᠪᠣᠭ᠎ᠠ ᠵᠠᠯᠠᠭᠤ ᠨᠠᠰᠤᠨ ᠳᠤ ᠪᠠᠨ

ᠡᠷᠭᠢᠮᠨᠡᠵᠤ ᠥᠵᠡᠭᠦ ᠦᠭᠡᠶ ᠴᠢᠨᠢ ᠶᠠᠭᠤ ᠪᠢᠯᠠ︖


ᠴᠡᠯᠮᠡᠭ᠌ ᠡᠳᠦᠷ ᠤᠨ ᠡᠭᠦᠯᠡ ᠦᠭᠡᠶ ᠳᠡᠭ᠍ᠷᠢ ᠰᠢᠭ᠌

ᠴᠠᠪᠠᠷ ᠠᠷᠢᠭᠤᠨ ᠠᠩᠬᠠᠨ ᠤ ᠳᠤᠷᠠᠯᠠᠯ ᠮᠢᠨᠢ

ᠴᠢᠮᠡᠭᠡ ᠥᠭᠡᠢ᠌ᠭᠡᠨ ᠴᠢᠮ᠎ᠠ ᠣᠷᠤᠭᠤ ᠳᠡᠮᠤᠯᠡᠭ᠍ᠰᠡᠨ ᠢ

ᠴᠢ ᠮᠢᠨᠢ ᠭᠡᠵᠢᠶ᠎ᠡ ᠴᠤ ᠣᠢ᠌ᠯᠭᠠᠳᠠᠭ ᠪᠢᠯᠠ︖


ᠰᠠᠪ ᠦᠭᠡᠶ ᠰᠢᠭ᠌ ᠨᠠᠳᠠ ᠲᠡᠶ ᠨᠠᠢ᠌ᠵᠠᠯᠠᠵᠤ ᠪᠠᠢ᠌ᠭᠰᠠᠨ ᠴᠤ

ᠰᠡᠳᠭᠢᠯ ᠳᠤ ᠴᠢᠨᠢ ᠥᠭᠡᠷ᠎ᠡ ᠦᠬᠢᠨ ᠲᠡᠶ ᠴᠤ ᠪᠣᠯ ᠦᠦ︖

ᠰᠡᠮᠡᠭᠡᠷ ᠳᠤᠭᠤᠭᠰᠠᠨ ᠰᠡᠳᠭᠢᠯ ᠤᠨ ᠮᠢᠨᠢ ᠦᠴᠢᠭ᠌ ᠢ

ᠰᠠᠨᠠᠭᠠᠨ ᠳᠤ ᠪᠠᠨ ᠨᠢᠭᠡᠯᠡ ᠠᠪᠣᠭ᠎ᠠ ᠦᠭᠡᠶ ᠴᠤ ᠪᠣᠯ ᠦᠦ︖


ᠵᠤᠬᠢᠶᠠᠭᠴᠢ ᠶᠢᠨ ᠬᠠᠶ‍ᠢᠭ᠄ ᠭᠦᠯᠤᠨ ᠪᠣᠢ᠌ᠷ

ᠵᠤᠬᠢᠶᠠᠭᠴᠢ᠄ ᠣᠠᠳᠤᠷᠤᠮᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2627
ᠴᠠᠭ᠄ 2010 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ