ᠨᠡᠪᠲᠡᠷᠡᠨ ᠤᠷᠤᠬᠤ
ᠡᠵᠢ ᠮᠢᠨᠢ

ᠡᠵᠢ ᠮᠢᠨᠢ ︕

ᠡᠨᠡ ᠨᠠᠰᠤᠨ ᠤ ᠳᠠᠪᠢᠯᠠᠩ ᠮᠢᠨᠢ

ᠡᠪᠦᠯ ᠴᠠᠰᠤᠨ ᠳᠤ ᠪᠦᠳᠦᠴᠢᠵᠤ

ᠡᠪᠠᠰᠤᠨ ᠤ ᠨᠠᠮᠠᠭᠠᠨ ᠳᠤ ᠡᠰᠭᠡᠭ᠍ᠳᠡᠵᠤ ᠡᠵᠢ ᠮᠢᠨᠢ ︕

ᠡᠨᠡᠭᠡᠨ ᠬᠤᠷᠸ᠎ᠠ ᠡᠴᠡ ᠬᠠᠭᠠᠴᠠᠭᠰᠠᠨ ᠶᠤᠮ᠃

ᠡᠨᠡᠯᠦᠯ ᠤᠨ ᠳᠤᠬᠠᠢ

ᠡᠮᠵᠢᠭ᠌ ᠰᠠᠷᠠᠨ ᠣᠭᠢᠯᠠᠵᠤ ᠬᠤᠨᠤᠭᠰᠠᠨ ᠰᠦᠨᠢ

ᠡᠴᠦᠰ ᠤᠨ ᠳᠤᠬᠠᠢ

ᠨᠠᠷᠠᠨ ᠮᠥᠰᠢᠶᠡᠭ᠍ᠰᠡᠨ ᠨᠠᠮᠵᠢᠭᠤᠬᠠᠨ ᠡᠳᠦᠷ

ᠪᠢ ᠡᠵᠢ ᠡᠴᠡ ᠪᠠᠨ ᠬᠠᠭᠠᠴᠠᠭᠰᠠᠨ ᠶᠤᠮ

ᠬᠠᠭᠠᠴᠠᠬᠤ ᠬᠠᠭᠠᠴᠠᠬᠤ ᠲᠡᠶ ᠳᠠᠭᠠᠷᠠᠬᠤ ᠦᠭᠡᠶ

ᠬᠠᠯᠠᠭᠤᠨ ᠡᠯᠢᠭᠡᠨ ᠳᠡᠭᠡᠨ ᠳᠠᠪᠠᠷᠢᠵᠤ

ᠬᠠᠮᠢᠭ᠎ᠠ ᠶᠠᠪᠣᠭᠰᠠᠨ ᠴᠤ ᠬᠠᠮᠳᠤ ᠳᠠᠭᠠᠨ ᠭᠡᠵᠤ

ᠬᠠᠯᠠ ᠲᠡᠶ ᠬᠤᠷᠸ᠎ᠠ ᠳᠤ ᠭᠤᠮᠤᠳᠠᠭᠰᠠᠨ ᠶᠤᠮ᠃


ᠨᠢᠯᠪᠣᠰᠤ ᠬᠠᠳᠠᠭᠰᠠᠨ ᠭᠠᠯ ᠲᠡᠶ ᠬᠠᠷᠠᠴᠠ

ᠳᠡᠭ᠍ᠷᠢ ᠳᠠᠰᠢ ᠬᠠᠷᠪᠣᠭᠰᠠᠨ ᠶᠤᠮ

ᠨᠢᠰᠭᠦ ᠪᠠᠨ ᠮᠠᠷᠳᠠᠭᠰᠠᠨ ᠨᠤᠳᠤᠭ ᠤᠨ ᠭᠠᠯᠠᠭᠤ

ᠳᠡᠷᠭᠡᠳᠡ ᠵᠢᠷᠭᠢᠵᠤ ᠨᠡᠭᠦᠳᠡᠯᠯᠡᠭ᠍ᠰᠡᠨ ᠶᠤᠮ  

ᠡᠵᠢ ᠮᠢᠨᠢ

ᠡᠯᠢᠭᠡ ᠵᠢᠷᠦᠭᠡᠨ ᠤ ᠬᠠᠢ᠌ᠷ᠎ᠠ ᠮᠢᠨᠢ ︕


ᠨᠤᠳᠤᠭ ᠤᠨ ᠵᠤᠨ ᠶᠢᠡᠨ ᠰᠠᠨᠠᠵᠤ

ᠨᠢᠭᠤᠵᠤ ᠣᠭᠢᠯᠠᠭᠰᠠᠨ ᠨᠢᠯᠪᠣᠰᠤ ᠴᠢᠨᠢ

ᠨᠢᠳᠤᠨ ᠳᠤ ᠣᠷᠤᠰᠤᠨ᠎ᠠ

ᠵᠡᠭᠦᠳᠡᠨ ᠳᠤ ᠣᠷᠤᠰᠢᠨ᠎ᠠ


ᠨᠢᠭᠦᠯ ᠪᠣᠶᠠᠨ ᠤ ᠳᠤᠬᠠᠢ

ᠨᠢᠮᠭᠡᠨ ᠳᠠᠪᠠᠯ ᠶᠢᠡᠷ ᠴᠡᠴᠡᠷᠡᠭ᠍ᠰᠡᠨ ᠴᠤ

ᠨᠢᠳᠤᠨ ᠳᠡᠭᠡᠨ ᠨᠢᠯᠪᠣᠰᠤ ᠲᠡᠶ ᠨᠡᠢ᠌ᠭᠡᠮ ᠤᠨ

ᠨᠢᠯᠪᠣᠰᠤ ᠶᠢ ᠠᠷᠴᠢᠵᠤ ᠶᠠᠪᠣᠬᠤ ᠳᠠᠭᠠᠨ

ᠡᠵᠢ ᠮᠢᠨᠢ ︕

ᠡᠨᠡᠷᠢᠯ ᠶ‍ᠢᠷᠳᠢᠠᠴᠤ ᠶᠢᠨ ᠨᠠᠷ᠎ᠠ ᠪᠠᠢ᠌ᠭᠰᠠᠨ

ᠡᠭᠦᠷᠢᠳᠡ ᠶᠢᠨ ᠮᠦᠷᠦᠭᠡᠳᠦᠯ ᠤᠨ ᠰᠠᠷᠠ ᠪᠠᠢ᠌ᠭᠰᠠᠨ

ᠳᠠᠷᠠ ᠡᠳᠦᠷ ᠡᠵᠢ ᠮᠢᠨᠢ

ᠡᠴᠦᠰ ᠤᠨ ᠥᠭᠡ ᠲᠡᠶ ᠪᠠᠨ

ᠡᠩᠭᠡᠷ ᠲᠤ ᠮᠢᠨᠢ ᠨᠠᠯᠠᠵᠤ

ᠳᠠᠷᠠ ᠡᠳᠦᠷ ᠡᠩᠭᠡ ᠶᠢᠨ ᠬᠠᠢ᠌ᠷ᠎ᠠ ᠲᠡᠶ ᠪᠠᠨ

ᠡᠵᠢ ᠮᠢᠨᠢ ᠡᠷᠭᠢᠵᠤ ᠢᠷᠡᠭᠦ ᠦᠭᠡᠶ ᠮᠤᠷᠳᠠᠭᠰᠠᠨ ᠶᠤᠮ

ᠳᠠᠷᠠ ᠡᠳᠦᠷ ᠨᠤᠳᠤᠭ ᠤᠨ ᠵᠠᠮ

ᠰᠡᠮᠡᠷᠡᠭ᠍ᠰᠡᠨ ᠪᠣᠷᠤᠭᠠᠨ ᠳᠤ ᠳᠠᠪᠳᠠᠵᠤ ᠪᠠᠢ᠌ᠯ᠎ᠠ

ᠳᠠᠷᠠ ᠡᠳᠦᠷ ᠳᠡᠭ᠍ᠷᠢ ᠶᠢᠨ ᠴᠢᠷᠠᠢ ᠪᠦᠷᠦᠭ᠍ᠰᠢᠵᠤ ᠪᠠᠢ᠌ᠯ᠎ᠠ

ᠳᠠᠷᠠ ᠡᠳᠦᠷ ᠳᠡᠷᠭᠡᠨ ᠭᠦᠷᠳᠤ

ᠳᠡᠩᠭᠡᠯᠢᠭ᠌ ᠲᠡᠶ ᠪᠠᠨ ᠵᠠᠭᠤᠷᠠᠵᠤ ᠭᠦᠯᠳᠡᠵᠤ ᠪᠠᠢ᠌ᠯ᠎ᠠ

ᠳᠠᠷᠠ ᠡᠳᠦᠷ ᠁

ᠳᠠᠷᠠ ᠡᠳᠦᠷ ᠨᠠᠷᠠᠨ ᠤ ᠭᠡᠷᠡᠯ ᠨᠠᠳᠠ ᠡᠴᠡ ᠵᠠᠢ᠌ᠳᠠᠭᠤ ᠵᠠᠢ᠌ᠷᠳᠠᠵᠤ ᠪᠠᠢ᠌ᠯ᠎ᠠ ᠁


ᠮᠠᠷᠭᠠᠰᠢ ᠶᠠᠭᠤ ᠪᠣᠯᠬᠤ ᠶᠢ ᠪᠢ ᠮᠠᠷᠳᠠᠵᠤ ᠪᠠᠢ᠌ᠯ᠎ᠠ

ᠮᠠᠨᠠᠷᠠᠭᠰᠠᠨ ᠳᠤᠭᠤᠰᠤᠨ ᠤ ᠳᠤᠮᠳᠠ

ᠮᠠᠨᠠᠭᠠᠴᠢᠨ ᠶᠠᠩᠵᠤ ᠪᠠᠷ ᠮᠠᠯᠠᠷᠠᠵᠤ ᠯᠠ ᠪᠠᠢ᠌ᠯ᠎ᠠ

ᠮᠠᠯᠮᠠᠷᠠᠵᠤ ᠯᠠ ᠪᠠᠢ᠌ᠯ᠎ᠠ ᠁

ᠨᠠᠳᠠ ᠶᠢ ᠰᠠᠨᠠᠭᠰᠠᠨ ᠶᠤᠮ ᠡ ︕

ᠨᠠᠳᠠ ᠶᠢ ᠭᠦᠯᠢᠶᠡᠳᠡᠭ᠌ ᠶᠤᠮ ᠡ ︕

ᠡᠵᠢ ᠮᠢᠨᠢ ︕

ᠳᠡᠯᠡᠭᠡᠢ ᠮᠢᠨᠢ ᠶᠡᠭᠦᠷᠡᠴᠢᠭᠡᠭ᠍ᠰᠡᠨ ᠶᠤᠮ

ᠳᠡᠷᠭᠡᠳᠡ ᠨᠢ ᠨᠠᠷᠠ ᠪᠠᠰᠠ ᠰᠥᠢᠷᠡᠴᠢᠭᠡᠭ᠍ᠰᠡᠨ ᠶᠤᠮ

ᠨᠠᠳᠠ ᠥᠭᠡᠷ᠎ᠡ ᠶᠠᠭᠤ ᠴᠤ ᠦᠭᠡᠶ ᠡᠵᠢ ᠡ ︕

ᠨᠠᠷᠠ ᠦᠭᠡᠶ ᠳᠡᠯᠡᠭᠡᠢ ᠶᠠᠮᠠᠷ ᠢ ᠪᠢ ᠮᠠᠳᠠᠨ᠎ᠠ

ᠨᠠᠪᠴᠢ ᠦᠭᠡᠶ ᠳᠠᠯ᠎ᠠ ᠶᠢ ᠪᠢ ᠴᠤ ᠳᠠᠨᠢᠨ᠎ᠠ

ᠭᠡᠪᠠᠴᠤ ᠡᠵᠢ ᠮᠢᠨᠢ ︕

ᠵᠥᠳᠡᠭ᠍ᠰᠡᠨ ᠣᠨ ᠵᠢᠯ ᠴᠢᠨᠢ

ᠵᠡᠭᠦᠳᠡᠨ ᠳᠤ ᠦᠯᠠᠳᠠᠨ᠎ᠠ

ᠵᠤᠪᠠᠭᠰᠠᠨ ᠣᠯᠠ ᠮᠦᠷ ᠴᠢᠨᠢ

ᠵᠢᠷᠦᠭᠡᠨ ᠳᠤ ᠭᠡᠷᠡᠯᠳᠦᠨ᠎ᠡ

ᠡᠵᠢ ᠮᠢᠨᠢ ︕


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ

ᠵᠤᠬᠢᠶᠠᠭᠴᠢ᠄ ᠭᠠᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3813
ᠴᠠᠭ᠄ 2011 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ