☆ ᠭᠠᠳᠠᠨ
ᠨᠤᠭᠤᠭᠠᠨ ᠦᠨᠳᠦᠷ ᠤᠳ ᠮᠢᠨᠢ ᠭᠦᠭᠡᠷᠦᠭᠦᠢ ᠪᠣᠳᠤᠭᠳᠠᠨ᠎ᠠ
ᠰᠠᠷᠠᠭᠤᠯ ᠳᠡᠯᠮᠡᠷᠡᠭᠦᠯᠦᠭ᠍ᠰᠡᠨ ᠰᠠᠭᠠᠯᠢ ᠶᠢᠨ ᠣᠨᠢᠶᠠᠷ
ᠣᠷᠠᠨ ᠭᠦᠭᠦᠭᠡ ᠭᠦᠪᠪᠦᠯᠵᠡᠭᠦᠯᠤᠨ ᠪᠠᠭᠤᠵᠤ
ᠰᠠᠯᠭᠢ ᠮᠡᠯᠮᠡᠷᠡᠭᠦᠯᠦᠭ᠍ᠰᠡᠨ ᠳᠦᠯ ᠤᠨ ᠵᠡᠷᠭᠡᠯᠭᠡ
ᠪᠠᠶᠠᠨ ᠢᠨᠢᠶᠠᠳᠤ ᠵᠢᠷᠪᠢᠯᠵᠡᠭᠦᠯᠤᠨ ᠳᠠᠯᠪᠢᠬᠤ ᠳᠤ
ᠨᠤᠭᠤᠭᠠᠨ ᠦᠨᠳᠦᠷ ᠲᠤ ᠱᠠᠯᠵᠠ ᠰᠢᠭ ᠰᠢᠭᠢᠳᠦᠭ᠍ᠰᠡᠨ
ᠨᠤᠷ᠎ᠠ ᠴᠠᠭᠠᠨ ᠡᠯᠢᠶ᠎ᠡ ᠪᠠᠷ ᠢᠰᠭᠡᠷᠦᠨ᠎ᠡ
ᠣᠤᠬᠠᠢ ᠠᠬᠠᠢ ᠭᠦᠡᠳᠦᠷᠭᠡᠨ ᠣᠴᠢᠯᠠᠵᠤ
ᠣᠭᠳᠠᠷᠭᠤᠢ ᠳᠤᠷᠭᠢᠮᠠ ᠳᠦᠩᠭᠢᠨᠡᠭᠡᠨ ᠰᠠᠮᠤᠷᠴᠤ
ᠣᠭᠤᠷᠠᠭ ᠨᠠᠮᠤᠷ ᠤᠨ ᠣᠮᠤᠭᠯᠠᠭᠤᠨ ᠳᠠᠷᠭᠤ ᠲᠡᠶ
ᠣᠭᠠᠯᠵᠠᠨ ᠰᠢᠭᠤᠷᠭ᠎ᠠ ᠳᠤᠷᠪᠢ ᠰᠢᠯᠭᠠᠬᠤ ᠳᠤ
ᠨᠤᠭᠤᠭᠠᠨ ᠦᠨᠳᠦᠷ ᠢ ᠢᠯᠠᠭ᠎ᠠ ᠰᠢᠭ ᠪᠢᠳᠠᠭᠰᠠᠨ
ᠨᠤᠷ᠎ᠠ ᠴᠠᠭᠠᠨ ᠶᠢᠠᠷ ᠴᠢᠨ᠋ᠸ᠎ᠠ ᠰᠢᠭ ᠣᠯᠢᠨ᠎ᠠ
ᠬᠤᠷᠤᠭᠤ ᠪᠠᠷ ᠢᠮᠡᠷᠡᠳᠡᠭ᠌ ᠤᠨ ᠭᠦᠭᠡᠭᠡᠴᠡᠯᠳᠦᠯ ᠳᠤᠤᠷᠠᠭᠢ
ᠬᠤᠰᠢᠭᠤ ᠪᠠᠷ ᠵᠥᠰᠦᠭ᠍ᠳᠡᠭ᠍ᠰᠡᠨ ᠥᠷᠡᠭ᠍ᠳᠡᠯ ᠬᠣᠢ᠌ᠨ᠎ᠠ
ᠣᠷᠤᠢ ᠶᠢᠨ ᠰᠢᠮᠠᠭᠤᠯ ᠮᠠᠳᠤ ᠲᠦᠩᠭᠢᠨᠠᠵᠤ ᠪᠣᠰᠤᠭᠠᠤᠨ
ᠣᠯᠠᠢ ᠶᠢᠨ ᠰᠢᠪᠠᠭᠤ ᠰᠢᠭ ᠱᠠᠭᠢᠵᠤ ᠢᠷᠡᠭᠦ ᠳᠤ
ᠨᠡᠭᠦᠳᠡᠯ ᠤᠨ ᠳᠦᠷᠦᠭᠦᠨ ᠳᠤ ᠨᠤᠭᠤᠭᠠᠨ ᠦᠨᠳᠦᠷ
ᠨᠤᠷ᠎ᠠ ᠴᠠᠭᠠᠨ ᠶᠢᠡᠷ ᠪᠣᠤᠷ᠎ᠠ ᠰᠢᠭ ᠳᠠᠪᠠᠷᠠᠨᠠ
ᠳᠡᠭᠡᠳᠤ ᠡᠴᠡ ᠥᠪᠯᠡᠭ᠍ᠰᠡᠨ ᠦᠩ ᠪᠠᠢ᠌ᠭᠠᠯᠢ
ᠳᠡᠭᠡᠵᠢ ᠪᠠᠨ ᠡᠷᠭᠦᠭ᠍ᠰᠡᠨ ᠰᠦᠩ ᠪᠠᠯᠴᠢᠭᠡᠷ
ᠰᠢᠯᠦᠭ᠌ ᠵᠢᠷᠤᠭ ᠶᠢᠡᠷ ᠬᠤᠴᠤᠷᠤᠭᠰᠠᠨ ᠵᠠᠷᠢᠮ ᠨᠢ
ᠰᠢᠷᠡᠭᠡ ᠡᠯᠢᠭᠡᠳᠡᠭ᠍ᠰᠡᠨ ᠬᠡᠦᠬᠡᠳ ᠤᠨ ᠪᠣᠯᠬᠤ ᠳᠤ
ᠨᠤᠮᠤᠭᠠᠨ ᠠᠭᠠᠰᠢᠨ ᠳᠠᠭᠠᠨ ᠨᠤᠷᠠᠭᠠᠭᠳᠠᠭᠠᠤᠨ ᠢᠷᠡᠭ᠍ᠰᠡᠨ
ᠨᠤᠭᠤᠭᠠᠨ ᠦᠨᠳᠦᠷ ᠤᠳ ᠮᠢᠨᠢ ᠭᠦᠭᠡᠷᠦᠭᠦᠢ ᠪᠣᠳᠤᠭᠳᠠᠨ᠎ᠠ
ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2705
ᠴᠠᠭ᠄ 2009 ᠤᠨ ᠤ 01 ᠰᠠᠷ᠎ᠠ ᠶᠢᠨ 23
ᠨᠠᠢ᠌ᠷᠠᠭᠤᠯᠤᠭᠴᠢ᠄ ᠪᠦᠬᠡᠡᠷᠳᠡᠨᠢ