☆ ᠪᠠ᠊·ᠣᠤᠠᠬᠤᠠᠪᠠᠭᠠᠳᠤᠷ
ᠳᠡᠮᠡᠭᠡᠨ ᠵᠢᠩ
ᠳᠡᠮᠡᠭᠡᠨ ᠵᠢᠩ ᠤᠨ ᠴᠦᠷᠭᠦᠯᠡᠭᠡ
ᠳᠤᠪᠣᠴᠠᠭ ᠮᠠᠩᠬ᠎ᠠ ᠪᠠᠨ ᠳᠤᠭᠤᠷᠢᠭᠰᠠᠭᠠᠷ
ᠳᠤᠯᠤᠭᠠᠤᠨ ᠤᠨ ᠰᠢᠷ᠎ᠠ ᠵᠡᠷᠭᠡᠯᠭᠡᠨ ᠳᠤᠮᠳᠠ
ᠳᠤᠭᠤᠰᠤ ᠲᠡᠶ ᠪᠠᠯᠴᠢᠭᠡᠷ ᠡᠴᠠ ᠪᠠᠨ ᠪᠠᠯᠠᠷᠠᠪᠠ ᠁
ᠬᠠᠭᠢᠷ ᠬᠠᠪᠣᠷ ᠤᠨ
ᠢᠴᠡᠭᠡᠨ ᠡᠴᠠ ᠪᠠᠨ ᠰᠠᠯᠵᠤ ᠶᠠᠪᠣᠪᠠ
ᠵᠤᠨ ᠳᠡᠭ᠍ᠷᠢ ᠶᠢᠨ
ᠰᠠᠯᠭᠢ ᠶᠢ ᠢᠳᠠᠨ ᠬᠤᠯᠠᠳᠪᠠ
ᠳᠠᠷᠭᠤᠨ ᠨᠠᠮᠤᠷ ᠤᠨ
ᠰᠢᠮ᠎ᠠ ᠶᠢ ᠬᠠᠢ᠌ᠨ ᠵᠢᠯᠠᠢ᠌ᠪᠠ
ᠵᠤᠳ ᠡᠪᠦᠯ ᠤᠨ
ᠰᠢᠭᠤᠷᠭᠠᠨ ᠢ ᠥᠭ᠍ᠰᠤᠨ ᠠᠷᠢᠯᠪᠠ
ᠵᠢᠩ ᠤᠨ ᠳᠠᠭᠤᠨ ᠤ ᠬᠤᠩᠬᠤᠨ ᠤᠶᠠᠩᠭ᠎ᠠ
ᠴᠢᠭᠢᠨ ᠳᠤ ᠬᠠᠳᠠᠩᠰᠢᠨ ᠥᠯᠡᠳᠡᠭᠦ ᠪᠠᠷ
ᠪᠣᠢ᠌ᠯᠠᠭᠠᠨ ᠶᠢᠡᠨ ᠠᠯᠳᠠᠭᠰᠠᠨ
ᠡᠯᠡᠰᠤᠨ ᠭᠤᠪᠢ
ᠪᠦᠷᠢᠳᠤ ᠪᠠᠨ ᠵᠡᠭᠦᠳᠦᠯᠡᠵᠤ
ᠵᠡᠷᠭᠡᠯᠭᠡᠡᠰᠢᠵᠤ ᠬᠠᠷᠠᠭᠳᠠᠨ᠎ᠠ
ᠭᠤᠪᠢ ᠶᠢᠨ ᠰᠤᠭᠤ ᠶᠢᠨ
ᠮᠤᠩᠭ᠋ᠤᠯ ᠠᠢ᠌ᠯ ᠤᠳ
ᠵᠢᠩ ᠶᠢᠡᠨ ᠰᠠᠨᠠᠵᠤ
ᠨᠡᠭᠦᠴᠢᠭᠡᠭ᠍ᠰᠡᠨ ᠪᠠᠢ᠌ᠪᠠ
ᠭᠠᠳᠠᠨ᠎ᠠ ᠪᠠᠨ ᠭᠡᠭᠦ ᠲᠦᠯᠡᠭᠡ ᠦᠭᠡᠶ
ᠭᠤᠪᠢ ᠪᠠᠨ ᠭᠡᠭᠦ ᠪᠠᠯᠴᠢᠭᠡᠷ ᠦᠭᠡᠶ
ᠪᠠᠢ᠌ᠳᠠᠭ ᠪᠦᠭᠦᠨ ᠶᠢᠡᠨ ᠡ᠊ᠨᠳᠡ ᠪᠣᠯᠠᠰᠢᠯᠠᠨ
ᠪᠠᠷᠠᠭᠠᠨ ᠡᠭᠦᠯᠡ ᠰᠢᠭ᠌ ᠠᠷᠢᠯᠴᠢᠬᠠᠭᠰᠠᠨ ᠪᠠᠢ᠌ᠪᠠ
ᠢᠰᠡᠭᠡᠢ ᠮᠤᠩᠭ᠋ᠤᠯ
ᠨᠡᠭᠦᠳᠡᠯᠴᠢᠨ ᠶᠢᠡᠨ ᠭᠠᠷᠭᠠᠵᠤ
ᠡ᠊ᠨᠳᠡ ᠡᠴᠠ ᠠᠭᠤᠷᠰᠢᠵᠤ
ᠳᠡᠭ᠍ᠳᠡᠭ᠍ᠰᠡᠨ ᠪᠠᠢ᠌ᠪᠠ
ᠪᠣᠷᠠᠠᠳᠠᠭ ᠶᠢᠡᠨ ᠪᠠᠷᠢᠭᠰᠠᠨ
ᠳᠡᠮᠡᠭᠡᠴᠢᠨ ᠡᠪᠦᠭᠡᠨ
ᠬᠤᠮ ᠲᠡᠶ ᠪᠠᠨ ᠬᠠᠮᠳᠤ
ᠴᠢᠯᠠᠭᠤᠵᠢᠭᠰᠠᠨ ᠪᠠᠢ᠌ᠪᠠ
ᠭᠡᠵᠢᠶ᠎ᠡ ᠬᠣᠢ᠌ᠨ᠎ᠠ
ᠭᠡᠨ ᠢᠷᠡᠳᠡᠭ᠌ ᠢ
ᠭᠢᠷᠬᠠᠢ ᠰᠠᠷᠠᠯ ᠳᠤ ᠪᠠᠨ
ᠬᠠᠷᠠᠬᠤ ᠯᠠ ᠪᠠᠢ᠌ᠯᠭᠦᠢ︕
2011 .4 .19
ᠵᠤᠬᠢᠶᠠᠭᠴᠢ ᠶᠢᠨ ᠬᠠᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ
ᠵᠤᠬᠢᠶᠠᠭᠴᠢ᠄ ᠪᠠ᠊·ᠣᠤᠠᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2644
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ