☆ ᠭᠣ᠊·ᠰᠤᠶᠤᠯᠳᠤ
ᠰᠤᠯᠠ ᠰᠢᠯᠦᠭᠯᠡᠯ
ᠪᠠᠷᠠᠭᠤᠨ ᠦᠵᠦᠮᠤᠴᠢᠨ ᠬᠤᠰᠢᠭᠤᠨ ᠤ ᠪᠠᠶᠠᠩᠬᠤᠧᠨ ᠪᠠᠯᠭᠠᠰᠤᠨ ᠤ ᠮᠠᠠᠳᠤᠬᠤ ᠭᠤᠸᠠᠢ ᠶᠢᠨ ᠠᠳᠤᠭᠤᠨ ᠰᠤᠶᠤᠯ ᠤᠨ ᠨᠠᠢ᠌ᠷ ᠳᠡᠭᠡᠷ᠎ᠡ
ᠰᠠᠷᠠᠭᠤᠯ ᠤᠨ ᠱᠤᠷᠤᠩ ᠤᠨ ᠡᠯᠢᠭᠡᠨ ᠳ᠋ᠤ
ᠭᠢᠷᠠᠭᠤᠳᠤ ᠶᠢᠨ ᠭᠤᠤᠯ ᠤᠨ ᠳᠠᠠᠵᠢᠨ᠎ᠠ
ᠰᠠᠢ᠌ᠨ ᠤ ᠢᠷᠦᠭᠡᠯ ᠳᠡᠭᠡᠵᠢᠯᠡᠵᠤ
ᠰᠠᠢ᠌ᠬᠠᠨ ᠠᠯᠳᠠᠷ ᠶᠢᠡᠨ ᠳᠠᠭᠤᠷᠢᠰᠤᠭᠤᠯᠤᠨ
ᠠᠢ᠌ᠯ ᠠᠢ᠌ᠮᠠᠭ ᠨᠢ ᠴᠤᠭᠯᠠᠷᠠᠵᠤ
ᠠᠬ᠎ᠠ ᠳᠡᠭᠦᠤ ᠰᠠᠳᠤᠨ ᠨᠢ ᠪᠠᠶᠠᠰᠤᠨ
ᠠᠢ᠌ᠯᠴᠢᠨ ᠭᠡᠢ᠌ᠴᠢᠨ ᠨᠢ ᠰᠠᠭᠠᠳᠠᠭᠰᠠᠨ
ᠠᠳᠠᠪᠠᠰᠢ ᠰᠠᠢ᠌ᠬᠠᠨ ᠨᠠᠢ᠌ᠷ ᠪᠣᠯ
ᠢᠠᠵᠠᠭᠠᠨ ᠪᠣᠷᠤᠤᠰ ᠶᠢᠡᠷ ᠨᠤᠳᠤᠭᠳᠠᠢ
ᠦᠨᠳᠦᠷ ᠶᠤᠠᠳᠤᠨ ᠤ ᠠᠢ᠌ᠮᠠᠭ
ᠭᠠᠷᠮᠠᠭᠠᠢ ᠰᠠᠢ᠌ᠨ ᠠᠳᠤᠭᠤᠴᠢᠨ
ᠭᠠᠠᠵᠤᠭᠠᠰᠤ ᠣᠪᠣᠭ ᠤᠨ ᠮᠠᠠᠳᠤᠬᠤ ᠵᠢᠨ
ᠮᠥᠩᠭᠡ ᠳᠠᠢᠷᠢ ᠶᠢᠨ ᠣᠨᠠᠭ᠎ᠠ
ᠮᠤᠩᠭ᠋ᠤᠯ ᠭᠦᠮᠤᠨ ᠤ ᠣᠨᠤᠭ᠎ᠠ
ᠬᠤᠪᠣᠷ ᠡᠷᠳᠡᠨᠢ ᠶᠢᠨ ᠠᠳᠤᠭᠤ ᠪᠠᠨ
ᠬᠤᠶᠠᠷ ᠵᠠᠭᠤ ᠪᠠᠷ ᠥᠰᠭᠡᠭ᠍ᠰᠡᠨ
ᠮᠠᠯᠵᠢᠯ ᠤᠨ ᠠᠮᠵᠢᠯᠳᠠ ᠪᠠᠨ ᠪᠠᠯᠭᠡᠯᠡᠭ᠍ᠰᠡᠨ
ᠮᠠᠯᠴᠢᠨ ᠭᠦᠮᠤᠨ ᠤ ᠰᠡᠳᠭᠢᠯ ᠶᠤᠮ᠃
ᠮᠠᠰᠢᠳᠠ ᠨᠠᠢ᠌ᠷ ᠤᠨ ᠡᠭᠦᠰᠭᠡᠭ᠍ᠰᠡᠨ
ᠮᠠᠠᠳᠤᠬᠤ ᠭᠡᠭ᠍ᠴᠢ ᠭᠤᠸᠠᠢ ᠪᠣᠯ
ᠳᠠᠪᠢᠨ ᠭᠤᠷᠪᠠ ᠭᠦᠷᠳᠡᠯ᠎ᠡ ᠪᠠᠨ
ᠳᠠᠯ᠎ᠠ ᠶᠢᠨ ᠶᠢᠡᠨ ᠪᠠᠯᠴᠢᠭᠡᠷ ᠡᠴᠠ ᠵᠠᠢ᠌ᠳᠠᠭ᠎ᠠ ᠥᠭᠡᠢ
ᠮᠠᠯ ᠤᠨ ᠶᠢᠡᠨ ᠵᠠᠬ᠎ᠠ ᠡᠴᠠ ᠰᠠᠯᠤᠭ᠎ᠠ ᠥᠭᠡᠢ
ᠳᠠᠪᠢᠯᠠᠩ ᠵᠠᠶᠠᠭᠠᠨ ᠤ ᠮᠠᠯᠴᠢᠨ ᠶᠤᠮ
ᠬᠠᠷᠠᠬᠠᠨ ᠪᠠᠭ᠎ᠠ ᠨᠠᠰᠤ ᠪᠠᠨ
ᠬᠠᠳᠠᠭᠤᠬᠠᠨ ᠨᠡᠢ᠌ᠭᠡᠮ ᠳᠤ ᠥᠩᠭᠡᠷᠡᠭᠡᠨ
ᠣᠷᠢ ᠵᠠᠯᠠᠭᠤ ᠶᠢᠨ ᠭᠦᠴᠤ ᠪᠠᠨ
ᠣᠯᠤᠰ ᠤᠨ ᠶᠢᠡᠨ ᠭᠦᠭ᠍ᠵᠢᠯ ᠳᠤ ᠡᠷᠭᠦᠨ
ᠥᠭᠡᠷᠡᠴᠢᠯᠡᠯᠳᠡ ᠭᠢᠭᠦ ᠶᠢᠨ ᠦᠶ᠎ᠡ ᠪᠠᠷ
ᠦᠪᠡᠷ ᠤᠨ ᠭᠡᠰᠡᠨ ᠮᠠᠯ ᠲᠡᠶ ᠪᠣᠯᠵᠤ
ᠦᠷᠯᠦᠭᠡ ᠦᠳᠡᠰᠢ ᠶᠢᠨ ᠬᠤᠭᠤᠷᠤᠠᠳᠤ
ᠪᠣᠷᠪᠢ ᠪᠣᠭᠢᠷᠤᠯ ᠦᠭᠡᠶ ᠵᠢᠦᠡᠭᠦᠨ
ᠡᠳᠦᠷ ᠰᠦᠨᠢ ᠶᠢᠨ ᠬᠤᠪᠢᠨ ᠳ᠋ᠤ
ᠪᠣᠰᠤᠭ᠎ᠠ ᠰᠠᠭᠤᠭ᠎ᠠ ᠦᠭᠡᠶ ᠠᠵᠢᠯᠯᠠᠨ
ᠦᠨᠢᠷ ᠵᠤᠵᠠᠭᠠᠨ ᠪᠦᠯᠢ ᠪᠠᠨ
ᠥᠭᠡᠳᠡ ᠨᠢ ᠳᠠᠳᠠᠬᠤ ᠶᠢ ᠵᠤᠷᠢᠨ
ᠦᠨᠦᠴᠢᠨ ᠭᠡᠳᠤᠨ ᠳᠡᠭᠦᠤ ᠨᠡᠷ ᠵᠢᠠᠨ
ᠥᠰᠭᠡᠵᠤ ᠥᠡᠳᠡᠢ᠌ᠯᠭᠡᠭᠦ ᠶᠢ ᠴᠢᠷᠮᠠᠢ᠌ᠨ
ᠠᠪᠣ ᠳᠡᠭᠡᠳᠤ ᠡᠴᠠ ᠣᠯᠠᠮᠵᠢᠯᠠᠭᠰᠠᠨ
ᠠᠷᠪᠢᠴᠢ ᠰᠢᠷᠪᠢᠴᠢ ᠠᠷᠠᠠᠰᠢᠨ ᠵᠢᠠᠷ
ᠠᠵᠢᠯ ᠤᠨ ᠬᠠᠳᠠᠭᠤ ᠳᠤ ᠴᠠᠭᠠᠷᠠᠭᠰᠠᠨ
ᠠᠵᠢᠯᠴᠢ ᠭᠦᠳᠡᠯᠮᠦᠷᠢᠴᠢ ᠰᠤᠷᠳᠠᠯ ᠵᠢᠠᠷ
ᠨᠠᠮ ᠲᠦᠷᠦ ᠳᠤ ᠪᠠᠨ ᠵᠢᠦᠡᠭᠦᠵᠤ
ᠨᠠᠠᠳᠢᠨ ᠭᠦᠳᠡᠯᠮᠦᠷᠢ ᠪᠠᠨ ᠵᠤᠷᠢᠭᠤᠯᠵᠤ
ᠠᠷᠠᠤᠨ ᠲᠦᠮᠡᠨ ᠳᠤ ᠪᠠᠨ ᠣᠢ᠌ᠯᠠᠴᠢᠯᠠᠵᠤ
ᠠᠳᠠᠯ ᠣᠢ᠌ᠯᠠᠰ ᠶᠢᠡᠨ ᠪᠣᠰᠬᠠᠵᠤ
ᠡᠷᠦᠭᠡ ᠭᠡᠷ ᠶᠢᠡᠨ ᠭᠡᠢ᠌ᠭᠦᠯᠵᠤ
ᠦᠷᠤᠪ ᠰᠢᠷᠤᠪ ᠶᠢᠡᠨ ᠲᠡᠳᠬᠦᠵᠤ
ᠥᠭᠡᠳᠡᠯᠡᠭᠦ ᠠᠮᠢᠳᠤᠷᠠᠯ ᠶᠢᠡᠨ ᠴᠢᠩᠭ᠋ᠠᠯᠠᠵᠤ
ᠦᠨᠦᠳᠤᠷ ᠤᠨ ᠭᠡᠮᠵᠢᠶᠡᠨ ᠳᠤ ᠭᠦᠷᠦᠭ᠍ᠰᠡᠨ ᠶᠤᠮ᠃
ᠣᠳᠤ ᠪᠣᠯᠬᠤ ᠳᠤ ᠮᠠᠠᠳᠤᠬᠤ ᠭᠤᠸᠠᠢ ᠶᠢᠨ ᠭᠢ
ᠣᠯᠠᠨ ᠡᠴᠠ ᠣᠷᠣᠢ᠌ᠯᠠᠭᠰᠠᠨ ᠣᠠᠳᠤᠷᠤᠯ ᠳᠠᠢ
ᠣᠠᠴᠠ ᠵᠢᠱᠢᠶ᠎ᠠ ᠶᠢᠨ ᠰᠠᠢ᠌ᠰᠢᠶᠠᠯ ᠳᠠᠢ
ᠣᠳᠤᠨ ᠪᠣᠯᠪᠠᠰᠤᠨ ᠡᠷᠦᠭᠡ ᠶᠤᠮ
ᠮᠢᠩᠭ᠎ᠠ ᠪᠠᠷ ᠰᠥᠷᠦᠭᠯᠡᠭᠦ ᠮᠠᠯ ᠳᠠᠢ
ᠮᠢᠷᠠᠯᠵᠠᠨ ᠴᠡᠴᠡᠭᠯᠡᠭ᠍ᠰᠡᠨ ᠠᠮᠢᠳᠤᠷᠠᠯ ᠳᠠᠢ
ᠮᠠᠰᠢᠨ ᠮᠡᠷᠭᠡᠵᠢᠯ ᠡᠵᠡᠮᠰᠢᠭ᠍ᠰᠡᠨ
ᠮᠠᠯᠵᠢᠯ ᠤᠨ ᠳᠤᠮᠤ ᠡᠷᠦᠭᠡ ᠶᠤᠮ
ᠪᠠᠶᠠᠵᠢᠵᠤ ᠴᠢᠨᠡᠭᠡᠯᠢᠭ᠍ᠵᠡᠭᠡᠳ ᠳᠡᠭ᠍ᠵᠢᠷᠡᠭ᠍ᠰᠡᠨ ᠴᠤ
ᠪᠢᠴᠢᠭ᠌ ᠰᠤᠶᠤᠯ ᠢ ᠡᠷᠭᠢᠮᠯᠡᠵᠤ
ᠰᠤᠷᠳᠠᠯ ᠪᠣᠯᠪᠠᠰᠤᠷᠠᠯ ᠢ ᠭᠢᠴᠢᠶᠡᠭ᠍ᠰᠡᠨ
ᠰᠤᠶᠤᠯᠵᠢᠭᠰᠠᠨ ᠡᠷᠦᠭᠡ ᠪᠠᠢ᠌ᠭ᠎ᠠ ᠶᠤᠮ᠃
ᠦᠷᠭᠡᠨ ᠲᠦᠮᠡᠨ ᠳᠤ ᠪᠠᠨ ᠵᠠᠷᠯᠠᠵᠤ
ᠦᠨᠢᠷ ᠠᠮᠢᠳᠤᠷᠠᠯ ᠶᠢᠡᠨ ᠪᠠᠯᠭᠡᠯᠡᠨ
ᠦᠯᠵᠡᠢ᠌ᠳᠠᠢ ᠨᠠᠢ᠌ᠷ ᠢ ᠭᠢᠭ᠍ᠰᠡᠨ
ᠦᠨᠳᠦᠷ ᠶᠤᠠᠳᠤᠨ ᠤ ᠠᠢ᠌ᠮᠠᠭ
ᠠᠵᠠ ᠵᠢᠷᠭᠠᠯ ᠶᠢᠡᠷ ᠳᠦᠭᠦᠷᠡᠩ ᠪᠠᠢ᠌ᠳᠤᠭᠠᠢ
ᠠᠵᠢᠯ ᠠᠮᠢᠳᠤᠷᠠᠯ ᠴᠢᠨᠢ ᠥᠭᠡᠳᠡᠷᠡᠭ᠌ ᠪᠠᠢ᠌ᠳᠤᠭᠠᠢ
ᠠᠯᠢ ᠰᠠᠨᠠᠭᠰᠠᠨ ᠴᠢᠨᠢ ᠪᠠᠶᠡᠯᠡᠭᠦ ᠪᠣᠯᠳᠤᠭᠠᠢ
ᠠᠯᠢᠪᠠ ᠪᠦᠭᠦᠨ ᠴᠢᠨᠢ ᠦᠯᠵᠡᠢ ᠲᠡᠶ ᠪᠣᠯᠳᠤᠭᠠᠢ ︕
2009 ᠣᠨ ᠤ 6 ᠰᠠᠷ᠎ᠠ ᠶᠢᠨ 18 ᠊ᠤ ᠡᠳᠦᠷ
ᠮᠠᠠᠳᠤᠬᠤ ᠭᠤᠸᠠᠢ ᠶᠢᠨ 200 ᠠᠳᠤᠭᠤᠨ ᠤ ᠦᠨᠢᠷ ᠦᠰᠦᠯᠳᠠ ᠪᠠᠨ ᠪᠠᠯᠭᠡᠯᠡᠭᠦ ᠨᠠᠢ᠌ᠷ ᠤᠨ ᠵᠠᠭᠤ ᠬᠤᠷᠢᠨ ᠨᠢ᠋ᠮᠠᠨ ᠪᠦᠭᠡ ᠳᠤ ᠰᠠᠢ᠌ᠨ ᠦᠨᠳᠦᠷ ᠤᠨ ᠬᠤᠷᠯᠤ ᠳᠡᠷᠢᠭᠦᠯᠡᠵᠤ᠂ ᠵᠡᠭᠦᠨ ᠪᠠᠭᠠᠷᠢᠨ ᠤ ᠴᠤᠭᠳᠤᠨᠠᠷᠠᠨ ᠳᠠᠳ᠋ᠯᠠᠨ᠂ ᠬᠠᠷᠠᠭᠠᠳᠤ ᠶᠢᠨ ᠬᠠᠰᠴᠢᠯᠠᠭᠤ ᠪᠣᠯᠤᠨ ᠪᠠᠶᠠᠨ ᠳᠦᠭᠦᠷᠡᠩ ᠤᠨ ᠨᠠᠰᠤᠠᠵᠢᠷᠭᠠᠯ ᠭᠤᠷᠪᠠ ᠳᠦᠷᠪᠠᠳᠦᠭᠡᠷ ᠲᠤ ᠣᠷᠤᠵᠠᠢ᠃ ᠮᠤᠷᠢᠨ ᠤ ᠣᠷᠤᠯᠳᠤᠭᠠᠨ ᠳᠤ ᠪᠣᠷᠭᠠᠰᠤᠳᠠᠢ ᠶᠢᠨ ᠭᠦᠩ ᠵᠠᠨ ᠯᠢ ᠵᠢᠨ ᠭᠡᠭᠡᠷ ᠮᠤᠷᠢ ᠳᠡᠷᠢᠭᠦᠯᠡᠵᠡᠢ᠃
ᠵᠤᠬᠢᠶᠠᠭᠴᠢ ᠶᠢᠨ ᠬᠠᠶᠢᠭ ᠄ ᠪᠠᠷᠠᠭᠤᠨ ᠦᠵᠦᠮᠤᠴᠢᠨ ᠬᠤᠰᠢᠭᠤ
ᠵᠤᠬᠢᠶᠠᠭᠴᠢ᠄ ᠭᠣ᠊·ᠰᠤᠶᠤᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2640
ᠴᠠᠭ᠄ 2010 ᠤᠨ ᠤ 04 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ