☆ ᠡᠰᠨᠢᠯ
ᠨᠤᠳᠤᠭ ᠤᠨ ᠡᠮᠵᠡᠭ᠍ᠭᠡᠨ ᠬᠠᠢ᠌ᠯᠠᠯ
1
ᠵᠤᠨ ᠤ ᠠᠭᠤᠷ ᠳᠤ
ᠵᠤᠪᠴᠠᠭ᠎ᠠ ᠡᠴᠠ ᠪᠠᠨ ᠰᠠᠯᠳᠠᠭ ᠥᠭᠡᠢ
ᠮᠢᠨᠤ ᠨᠤᠳᠤᠭ ᠳᠤ
ᠣᠯᠠᠭᠠᠨ ᠨᠢᠴᠦᠭᠦᠨ ᠰᠠᠯᠭᠢ
ᠠᠭᠤᠯᠠᠰ ᠤᠨ ᠣᠷᠤᠢ ᠪᠠᠷ
ᠥᠭ᠍ᠰᠤᠨ ᠣᠷᠤᠭᠤᠳᠠᠨ ᠮᠥᠯᠭᠦᠨᠡ᠃
ᠬᠤᠷ᠎ᠠ ᠭᠦᠰᠡᠭ᠍ᠰᠡᠨ
ᠬᠠᠯᠠᠭᠠᠢ ᠨᠤᠭᠤᠭ᠎ᠠ
ᠬᠠᠩᠭ᠋ᠠᠢ ᠲᠦᠰᠢᠵᠤ ᠥᠡᠳᠡᠢ᠌ᠭᠦ ᠳ᠋ᠤ
ᠬᠠᠮᠬᠤᠤᠯ ᠪᠠ ᠠᠯᠠᠭᠳᠠᠭ᠎ᠠ
ᠬᠠᠮᠳᠤ ᠳᠤ ᠨᠢ ᠮᠥᠩᠭᠡᠷᠡᠨ᠎ᠡ᠃
ᠠᠭᠤᠯᠠ ᠪᠠᠨ ᠠᠯᠳᠠᠭᠰᠠᠨ ᠳᠠᠤᠯᠠᠢ
ᠣᠰᠤᠨ ᠨᠢᠳᠦᠯᠡᠭᠦ ᠳ᠋ᠤ
ᠣᠯᠠ ᠪᠠ ᠵᠤᠯᠠ ᠨᠢ
ᠪᠦᠭᠦᠵᠤ ᠣᠳᠤᠨ᠎ᠠ᠃
ᠳᠠᠤᠯᠠᠢ ᠵᠢᠨ
ᠡᠮᠭᠦᠵᠤ ᠪᠠᠭᠳᠠᠬᠤ ᠥᠭᠡᠢ
ᠡᠮᠳᠡᠷᠭᠡᠢ ᠣᠷᠤᠭᠤᠯ ᠪᠠ
ᠦᠵᠡᠵᠤ ᠬᠠᠨᠤᠰᠢ ᠥᠭᠡᠢ
ᠣᠯᠠᠭᠠᠨ ᠨᠢᠳᠤ ᠨᠢ
ᠥᠩᠭᠡ ᠮᠥᠩᠭᠦ ᠵᠢᠨ
ᠦᠨᠢᠳᠠ ᠶᠢᠨ ᠴᠢᠨᠠᠷ ᠢ ᠪᠠᠳᠤᠯᠠᠨ᠎ᠠ᠃
2
ᠨᠠᠭᠤᠷ ᠤᠨ ᠣᠰᠤᠨ ᠳᠤ ᠰᠠᠷ᠎ᠠ
ᠨᠣᠢ᠌ᠳᠠᠨ ᠪᠣᠳᠤᠯ ᠲᠡᠶ ᠴᠤᠭ
ᠨᠦᠰᠠᠷ ᠨᠤᠷᠠᠨ᠎ᠠ
ᠨᠣᠢ᠌ᠷ
ᠵᠢᠮ᠎ᠠ ᠪᠠᠨ ᠠᠯᠳᠠᠵᠤ
ᠥᠩᠭᠡᠷᠡᠭ᠍ᠰᠡᠨ ᠪᠠ ᠦᠨᠦᠳᠤᠷ ᠤᠨ ᠳᠤᠬᠠᠢ
ᠥᠭᠦᠯ ᠪᠠ ᠮᠥᠩᠭᠡ ᠶᠢᠨ ᠳᠤᠬᠠᠢ
ᠦᠨᠡᠨ ᠤ ᠳᠤᠮᠤᠭ ᠳᠠᠢ
ᠵᠡᠭᠦᠳᠤ ᠮᠠᠨᠠᠨ᠎ᠠ᠃
3
ᠣᠳᠠᠨ ᠤ ᠮᠦᠴᠢᠷ ᠲᠤ ᠵᠠᠭᠠᠭᠯᠠᠭᠳᠠᠭᠰᠠᠨ
ᠣᠳᠤᠨ ᠮᠠᠴᠢᠳ
ᠣᠷᠴᠢᠯᠠᠩ ᠤᠨ ᠴᠤᠭᠴᠠᠰ ᠪᠣᠯᠬᠤ ᠪᠠ
ᠡᠰᠡᠭᠦᠯ᠎ᠡ
ᠰᠤᠯᠢᠷᠵᠢᠬᠤ ᠵᠠᠶᠠᠭ᠎ᠠ ᠪᠠᠨ ᠲᠦᠰᠢᠵᠤ
ᠳᠡᠯᠡᠭᠡᠢ ᠶᠢᠨ ᠪᠦᠮᠪᠦᠷᠴᠡᠭ᠌ ᠤᠨ ᠳᠤᠬᠠᠢ
ᠳᠡᠭᠡᠷᠡᠭᠢ ᠭᠦᠮᠤᠨ ᠵᠤᠨ ᠤ ᠭᠢᠨᠢ ᠳᠤᠬᠠᠢ
ᠳᠡᠭᠡᠳᠤ ᠶᠢᠨ ᠴᠠᠳᠢᠭ ᠥᠭᠡᠢ
ᠱᠠᠰᠳᠢᠷ ᠳᠡᠯᠭᠡᠨ᠎ᠡ᠃
4
ᠦᠶᠡᠷ ᠵᠢᠯ ᠤᠨ ᠨᠠᠷᠠ
ᠡᠪᠠᠰᠤᠨ ᠰᠡᠭᠦᠳᠡᠷ ᠳᠤ
ᠡᠪᠭᠡᠷᠡᠵᠤ ᠭᠡᠪᠳᠡᠨ᠎ᠡ
ᠦᠯᠦᠨ ᠰᠠᠯᠭᠢ ᠳᠡᠭᠦᠨ ᠤ ᠳᠡᠭᠡᠭᠦᠷ
ᠥᠩᠭᠦᠷᠢᠵᠤ ᠭᠠᠷᠤᠨ᠎ᠠ᠃
ᠦᠴᠦᠭᠡᠳᠦᠷ ᠤᠨ ᠰᠠᠯᠭᠢ
ᠥᠡᠳᠦᠷᠯᠢᠭ᠌ ᠥᠭ᠍ᠰᠦᠵᠤ
ᠨᠡᠭᠦᠳᠡᠯᠯᠡᠵᠤ ᠪᠠᠢ᠌ᠯ᠎ᠠ
ᠦᠨᠦᠳᠤᠷ ᠤᠨ ᠰᠠᠯᠭᠢ
ᠥᠯᠢᠶᠡᠭ᠍ᠳᠡᠭ᠍ᠰᠡᠭᠡᠷ ᠥᠯᠢᠶᠡᠭ᠍ᠳᠡᠭ᠍ᠰᠡᠭᠡᠷ
ᠡᠪᠦᠭᠡᠳ ᠤᠨ ᠬᠠᠭᠤᠴᠢᠨ ᠪᠠᠭᠤᠷᠢ ᠳᠡᠭᠡᠷ᠎ᠡ
ᠳᠤᠰᠤᠯ ᠨᠢᠯᠪᠣᠰᠤ ᠪᠣᠯᠵᠤ
ᠳᠤᠭᠣᠢ᠌ᠷᠠᠵᠤ ᠪᠠᠭᠤᠨ᠎ᠠ
ᠥᠨᠡ᠊ᠨᠳᠡᠭᠡᠨ ᠡᠭᠦᠯᠡᠨ ᠤ ᠳᠦᠰᠢᠭ᠌ ᠨᠢ
ᠥᠡᠳᠦᠷᠯᠢᠭ᠌ ᠯᠠ ᠪᠠᠢ᠌ᠵᠠᠢ ᠡ ︕
ᠵᠤᠬᠢᠶᠠᠭᠴᠢ ᠶᠢᠨ ᠬᠠᠶᠢᠭ ᠄ ᠭᠢᠩᠭ᠋ᠠᠨ ᠤ ᠲᠦᠰᠢᠶᠠᠳᠤ
ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2643
ᠴᠠᠭ᠄ 2011 ᠤᠨ ᠤ 09 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ