☆ ᠰᠦᠷᠳᠤ
ᠪᠢᠴᠢᠬᠠᠨ ᠳᠡᠭᠦᠤ ᠳᠤ ᠪᠠᠨ ᠪᠢᠴᠢᠭ᠍ᠰᠡᠨ ᠰᠢᠯᠦᠭ᠌
ᠤᠭ᠍ᠶᠤ ᠰᠢᠭ ᠰᠡᠳᠭᠢᠯ ᠴᠠᠢ᠌ᠯᠭᠠᠨ
ᠣᠰᠤ ᠰᠢᠭ ᠣᠬᠠᠭᠠᠨ ᠳᠤᠩᠭ᠋ᠠᠯᠠᠭ
ᠠᠭᠤᠯᠠ ᠰᠢᠭ ᠡᠷ᠎ᠡ ᠶᠢᠨ ᠰᠦᠷ ᠲᠡᠶ
ᠣᠯᠠᠭᠠᠨ ᠬᠠᠴᠠᠷ ᠲᠡᠶ ᠭᠦᠭᠡᠷᠦᠭᠦᠨ ᠳᠡᠭᠦᠤ ᠮᠢᠨᠢ
ᠨᠠᠷᠠ ᠰᠢᠭ ᠴᠤᠭ ᠭᠡᠷᠡᠯᠳᠡᠢ
ᠨᠠᠪᠴᠢ ᠰᠢᠭ ᠰᠤᠷᠭᠤᠭ ᠴᠤᠪᠣᠭᠤᠳᠠᠢ
ᠨᠠᠮᠤᠷ ᠰᠢᠭ ᠳᠦᠭᠦᠷᠡᠩ ᠵᠢᠷᠭᠠᠯᠳᠠᠢ ᠡᠷᠭᠡ
ᠨᠠᠷᠭᠢᠶ᠎ᠠ ᠴᠤᠭᠳᠠᠢ ᠶᠠᠪᠣᠭᠠᠷᠠᠢ
ᠡᠵᠢ ᠠᠪᠣ ᠶᠢᠨ ᠶᠢᠡᠨ ᠡᠯᠢᠭᠡᠨ ᠳᠤ
ᠡᠷᠭᠡ ᠵᠢᠷᠭᠠᠯᠳᠠᠢ ᠥᠰᠦᠭᠡᠷᠡᠢ
ᠡᠷᠳᠡᠮ ᠨᠤᠮ ᠤᠨ ᠳᠤᠩᠭ᠋ᠠᠯ ᠳᠤ
ᠦᠯᠡᠮᠵᠢ ᠮᠡᠳᠡᠯᠭᠡ ᠲᠡᠶ ᠥᠰᠦᠭᠡᠷᠡᠢ
ᠠᠪᠣ ᠡᠵᠢ ᠪᠠᠨ ᠪᠠᠶᠠᠷᠯᠠᠭᠤᠯᠤᠨ᠎ᠠ
ᠳᠡᠭ᠍ᠷᠢ ᠶᠢᠨ ᠣᠳᠤ ᠶᠢ ᠴᠤ ᠰᠢᠭᠦᠷᠡᠭᠦ
ᠳᠡᠭᠦᠯᠳᠡᠷ ᠮᠡᠳᠡᠯᠭᠡ ᠶᠢ ᠡᠵᠡᠮᠰᠢᠭᠡᠷᠡᠢ
ᠲᠦᠮᠡᠨ ᠪᠠᠷᠭᠡ ᠶᠢ ᠴᠤ ᠠᠯᠵᠢᠬᠤ ᠦᠭᠡᠶ
ᠳᠡᠭᠦᠰ ᠴᠢᠳᠠᠪᠣᠷᠢᠳᠠᠢ ᠪᠣᠯᠤᠭᠠᠷᠠᠢ
ᠠᠩᠭ᠋᠎ᠠ ᠳᠡᠭᠦᠤ ᠳᠡᠷᠭᠡᠯ ᠮᠢᠨᠢ
ᠣᠬᠠᠭᠠᠨ ᠳᠤᠮᠤᠭ᠎ᠠ ᠲᠡᠶ ᠪᠣᠢ᠌ᠵᠢᠨᠠ
ᠣᠯᠠᠭᠠᠨ ᠬᠠᠪᠢᠰᠤ ᠲᠡᠶ ᠱᠠᠩᠨᠠᠯ ᠳᠤᠰᠤᠭᠠᠤᠨ
ᠠᠪᠣ ᠡᠵᠢ ᠪᠠᠨ ᠪᠠᠶᠠᠷᠯᠠᠭᠤᠯᠤᠨ᠎ᠠ
ᠠᠪᠣ ᠡᠵᠢ ᠬᠤᠶᠠᠷ ᠤᠨ ᠶᠢᠡᠨ
ᠨᠠᠷᠠ ᠨᠢ ᠪᠣᠯᠤᠭᠰᠠᠨ ᠮᠠᠨ ᠤ ᠳᠡᠭᠦᠤ
ᠠᠬ᠎ᠠ ᠡᠭᠡᠴᠢ ᠪᠢᠳᠠᠨ ᠤ ᠪᠠᠨ
ᠬᠠᠢ᠌ᠷ᠎ᠠ ᠶᠢ ᠪᠣᠯᠢᠶᠠᠭᠰᠠᠨ ᠳᠡᠭᠦᠤ ᠶᠢᠨ ᠶᠢᠡᠨ
ᠠᠷᠪᠠᠨ ᠨᠠᠰᠤᠨ ᠤ ᠣᠢ ᠳᠤ ᠵᠤᠷᠢᠭᠤᠯᠪᠠ᠃
ᠵᠤᠬᠢᠶᠠᠭᠴᠢ ᠶᠢᠨ ᠬᠠᠶᠢᠭ ᠄ ᠴᠦᠩᠴᠢᠩ ᠶᠡᠭᠡ ᠰᠤᠷᠭᠠᠭᠤᠯᠢ
ᠵᠤᠬᠢᠶᠠᠭᠴᠢ᠄ ᠰᠦᠷᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2645
ᠴᠠᠭ᠄ 2011 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ