☆ ᠬᠠᠷᠠᠨᠤᠳ ᠳᠦᠷᠤ ᠵᠠᠶᠠᠭ᠎ᠠ
ᠪᠣᠷᠬᠠᠨ ᠬᠠᠳᠠᠨ ᠤ ᠪᠣᠷᠬᠠᠨ ᠰᠢᠪᠠᠭᠤ
ᠪᠣᠷᠬᠠᠤᠨ ᠡᠴᠡ ᠪᠣᠳᠠᠭ᠎ᠠ ᠭᠤᠶᠤᠭᠰᠠᠨ
ᠪᠣᠷᠤ ᠰᠢᠪᠠᠭᠤ
ᠪᠣᠶᠠᠠᠳᠤ ᠬᠤᠷᠸ᠎ᠠ ᠶᠢᠨ ᠳᠤᠭᠤᠰᠤᠨ ᠳ᠋ᠤ
ᠪᠣᠷᠬᠠᠨ ᠤ ᠨᠤᠮ ᠨᠤᠮᠯᠠᠪᠠ᠂
ᠪᠣᠷᠤᠭ᠎ᠠ ᠣᠷᠤᠭ᠎ᠠ ᠦᠭᠡᠶ ᠪᠣᠳᠠᠭ᠎ᠠ ᠣᠷᠭᠤᠪᠠ
ᠨᠠᠮᠤᠷ ᠪᠣᠯᠤᠭ᠎ᠠ ᠦᠭᠡᠶ ᠦᠷ᠎ᠡ ᠰᠠᠭᠤᠪᠠ
ᠨᠠᠷᠠ ᠣᠨᠠᠬᠤ ᠦᠭᠡᠶ ᠦᠯᠠᠳᠠᠪᠠ
ᠨᠠᠪᠴᠢᠰ ᠰᠢᠷᠠᠯᠠᠬᠤ ᠦᠭᠡᠶ ᠬᠤᠴᠤᠷᠠᠪᠠ᠂
ᠪᠣᠷᠬᠠᠨ ᠠᠭᠤᠷᠯᠠᠪᠠ
ᠪᠣᠳᠠᠭ᠎ᠠ ᠭᠤᠶᠤᠬᠤ ᠳᠠᠭᠠᠨ ᠨᠤᠮ ᠰᠤᠷᠤᠭᠰᠠᠨ
ᠪᠣᠷᠤ ᠰᠢᠪᠠᠭᠤ ᠶᠢ ᠳᠤᠷᠭᠤᠪᠠ᠂
᠊᠊᠊᠊᠊᠊᠊᠊᠊᠊᠊᠊᠊᠊᠊ ᠪᠣᠷᠤ ᠬᠠᠳᠠᠨ ᠳᠤ ᠡᠭᠦᠷᠯᠡ
ᠪᠣᠷᠤᠭ᠎ᠠ ᠣᠰᠤᠨ ᠳᠤ ᠨᠤᠷᠤ
ᠬᠠᠷ᠎ᠠ ᠬᠠᠳᠠᠨ ᠳᠤ ᠡᠭᠦᠷᠯᠡ
ᠬᠠᠷᠴᠠᠭᠠᠢ ᠳᠠᠰ ᠲᠤ ᠪᠠᠷᠢᠭᠤᠯ ᠭᠡᠳ
ᠭᠤᠪᠢ ᠭᠠᠵᠠᠷ ᠴᠦᠯᠠᠪᠠ
ᠳᠠᠰ ᠪᠣᠯᠪᠠ
ᠪᠣᠷᠤ ᠬᠠᠳᠠᠨ ᠳᠤ ᠴᠦᠯᠠᠪᠠ
ᠬᠠᠷᠴᠠᠭᠠᠢ ᠪᠣᠯᠪᠠ
ᠬᠠᠷ᠎ᠠ ᠬᠠᠳᠠᠨ ᠳᠤ ᠴᠦᠯᠠᠪᠠ
ᠪᠣᠯᠵᠤᠮᠤᠷ ᠪᠣᠯᠪᠠ
ᠨᠠᠮᠤᠷ ᠤᠨ ᠥᠩᠭᠡ ᠪᠠᠷ ᠵᠢᠷᠭᠢᠪᠠ
ᠨᠠᠪᠴᠢᠰ ᠤᠨ ᠴᠢᠮᠡᠭᠡ ᠪᠠᠷ ᠨᠢᠰᠪᠠ᠂
ᠪᠣᠷᠬᠠᠤᠨ ᠤᠨ ᠬᠤᠷᠤᠭᠤ ᠰᠢᠭ ᠬᠠᠳᠠᠨ ᠳᠡᠭᠡᠷ᠎ᠡ ᠰᠠᠭᠤᠭᠠᠤᠨ
ᠪᠣᠷᠤ ᠰᠢᠪᠠᠭᠤ
ᠪᠣᠷᠬᠠᠨ ᠤ ᠨᠤᠮ ᠨᠤᠮᠯᠠᠪᠠ
ᠡ᠂ ᠪᠣᠷᠬᠠᠨ ᠮᠢᠨᠢ︕
ᠲ᠋ᠤᠷᠤᠨᠠ ᠭᠤᠪᠢ ᠠᠢ᠌ᠮᠠᠭ ᠠᠢ᠌ᠷᠠᠭ ᠰᠤᠮᠤ ᠴᠠᠭᠠᠨ ᠳᠠᠯ ᠳ᠋ᠤ
2010. 08 .15
ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2639
ᠴᠠᠭ᠄ 2011 ᠤᠨ ᠤ 03 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ